《 ᠮᠣᠩᠭᠣᠯᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨᠦ ᠤ᠌ᠭ ᠭᠠᠷᠤᠯ ᠪᠠ ᠪᠠᠭᠠ ᠨᠠᠰᠤᠨᠤ ᠦᠶᠡ
40᠂ ᠲᠡᠷᠡ ᠵᠢᠷᠮᠦᠰᠦᠨ ᠡᠮᠡ᠂ ᠪᠣᠳᠠᠨᠴᠠᠷᠲᠤ ᠢᠷᠡᠵᠤ ᠬᠦᠪᠡᠭᠦᠨ ᠲᠥᠷᠦᠪᠡ᠃ ᠲᠡᠭᠦᠨᠢ ᠬᠠᠷᠢ ᠣᠪᠤᠭᠤᠨ ᠬᠦᠪᠡᠭᠦᠨ ᠭᠡᠵᠦ ᠵᠠᠵᠢᠷᠠᠲᠠᠢ ᠭᠡᠵᠦ ᠨᠡᠷᠡᠢᠳᠪᠡ᠃ ᠵᠠᠳᠠᠷᠠᠨᠤ ᠡᠪᠦᠭᠡ ᠲᠡᠷᠡ ᠪᠣᠯᠪᠠ᠃ ᠲᠡᠷᠡ ᠵᠠᠵᠢᠷᠠᠲᠠᠢᠶᠢᠨ ᠬᠦᠪᠡᠭᠦᠨ ᠲᠣᠭᠣᠲᠠᠢᠶᠢᠨ ᠬᠦᠪᠡᠭᠦᠨ ᠪᠣᠷᠢᠪᠣᠯᠴᠢᠷᠤ᠃ ᠪᠣᠷᠢᠪᠣᠯᠴᠢᠷᠤᠶᠢᠨ ᠬᠦᠪᠡᠭᠦᠨ ᠬᠠᠷᠠ ᠬᠠᠳᠠᠭᠠᠨ᠃ ᠬᠠᠷᠠ ᠬᠠᠳᠠᠭᠠᠨᠤ ᠬᠦᠪᠡᠭᠦᠨ ᠵᠠᠮᠤᠬᠠ ᠪᠢᠯᠡ᠃ ᠵᠠᠳᠠᠷᠠᠨ ( ᠵᠠᠳᠠ ᠨᠢ ᠬᠠᠷᠢ᠂ ᠪᠣᠰᠣᠳ ᠭᠡᠰᠡᠨ ᠦᠭᠡ ᠪᠣᠯᠣᠨᠠ) ᠣᠪᠤᠭᠲᠠᠨ ᠲᠡᠳᠡ ᠪᠣᠯᠪᠠ᠃