《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ
29᠂ ᠲᠡᠳᠡ ᠢᠷᠭᠡᠨ ᠪᠣᠳᠠᠨᠴᠠᠷ᠎ᠤᠨ ᠬᠠᠷᠴᠠᠭ᠎ᠠ᠎ᠶᠢ ᠭᠤᠶᠤᠭᠰᠠᠨ᠎ᠳᠤ ᠡᠰᠡ ᠥᠭᠪᠡ᠃ ᠲᠡᠳᠡ ᠢᠷᠭᠡᠨ ᠪᠣᠳᠠᠨᠴᠠᠷᠢ ᠬᠡᠨ ᠶᠠᠭᠤᠨ᠎ᠤ ᠬᠥᠮᠥᠨ ᠪᠣᠢ ᠭᠡᠵᠦ ᠠᠰᠠᠭᠤᠬᠤ ᠦᠭᠡᠢ᠂ ᠪᠣᠳᠠᠨᠴᠠᠷ ᠪᠠᠰᠠ ᠲᠡᠷᠡ ᠢᠷᠭᠡᠨ᠎ᠢ ᠶᠠᠭᠤᠨ᠎ᠤ ᠢᠷᠭᠡᠨ ᠭᠡᠵᠦ ᠠᠰᠠᠭᠤᠬᠤ ᠦᠭᠡᠢ ᠶᠠᠪᠤᠳᠠᠭ᠃