《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ
28᠂ ᠪᠢᠲᠡᠭᠦᠦ ᠮᠣᠳᠤ᠎ᠲᠤ ᠠᠭᠤᠯᠠ᠎ᠶᠢᠨ ᠬᠢᠷ᠎ᠠ᠎ᠠᠴᠠ ᠨᠢᠭᠡ ᠪᠦᠯᠦᠭ ᠢᠷᠭᠡᠨ ᠲᠦᠩᠭᠡᠯᠢᠭ ᠭᠣᠷᠤᠬᠠᠨ ᠤᠷᠤᠭᠤ ᠨᠠᠭᠦᠵᠤ ᠢᠷᠡᠪᠡ᠃ ᠪᠣᠳᠠᠨᠴᠠᠷ᠂ ᠬᠠᠷᠴᠠᠭ᠎ᠠ᠎ᠪᠠᠨ ᠲᠠᠯᠪᠢᠨ ᠡᠳᠦᠷ ᠪᠦᠷᠢ ᠲᠡᠷᠡ ᠢᠷᠭᠡᠨ᠎ᠳᠦ ᠣᠴᠢᠵᠤ ᠡᠰᠦᠭᠴᠢᠯᠡᠵᠦ ( ᠴᠡᠭᠡ ᠤᠤᠭᠤᠵᠤ) ᠰᠦᠨᠢ ᠡᠪᠡᠰᠦᠨ ᠡᠮᠪᠦᠯᠡ ᠭᠡᠷ᠎ᠲᠡᠬᠡᠨ ᠢᠷᠡᠵᠦ ᠬᠣᠨᠤᠳᠠᠭ᠃