《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ
26᠂ ᠪᠣᠳᠠᠨᠴᠠᠷ᠂ ᠢᠳᠡᠬᠦ ᠶᠠᠭᠤᠮ᠎ᠠ ᠦᠭᠡᠢ᠎ᠶᠢᠨ ᠲᠤᠯᠠ ᠴᠢᠨᠦ᠎ᠠ᠎ᠶᠢᠨ ᠭᠤᠤ᠎ᠳᠤ ᠬᠣᠷᠢᠭ᠍ᠰᠠᠨ ᠭᠥᠷᠦᠭᠡᠰᠦ᠎ᠶᠢ ᠮᠢᠷᠠᠵᠤ ᠬᠠᠷᠪᠤᠨ ᠠᠯᠠᠵᠤ ᠢᠳᠡᠬᠦ ᠪᠣᠶᠤ ᠴᠢᠨᠦ᠎ᠠ᠎ᠶᠢᠨ ᠢᠳᠡᠭᠰᠡᠨ ᠰᠡᠭᠢ ᠲᠡᠭᠦᠵᠦ ᠭᠡᠳᠡᠰᠦ᠎ᠪᠡᠨ ᠳᠦᠭᠦᠷᠭᠡᠵᠦ᠂ ᠬᠠᠷᠴᠠᠭ᠎ᠠ᠎ᠪᠠᠨ ᠲᠡᠵᠢᠭᠡᠭᠰᠡᠭᠡᠷ ᠲᠡᠷᠡ ᠣᠨ ᠭᠠᠷᠪᠠ᠃