《 ᠮᠣᠩᠭᠣᠯᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨᠦ ᠤ᠌ᠭ ᠭᠠᠷᠤᠯ ᠪᠠ ᠪᠠᠭᠠ ᠨᠠᠰᠤᠨᠤ ᠦᠶᠡ
24᠂ ᠪᠣᠳᠠᠨᠴᠠᠷ᠂ ᠤᠷᠤᠭᠲᠤ ᠲᠣᠭᠠᠯᠠᠭᠳᠠᠬᠤ ᠦᠭᠡᠢ ᠪᠠᠢᠭᠠᠳ ᠡᠨᠳᠡ ᠶᠠᠭᠤ ᠬᠢᠵᠤ ᠰᠠᠭᠤᠬᠤ ᠪᠣᠢ? ᠭᠡᠳ ᠭᠤᠤᠯ ᠲᠠᠭᠠᠷᠢᠲᠤ᠂ ᠭᠣᠳᠤᠯᠢ ᠰᠡᠭᠦᠯᠲᠦ ᠤᠷᠤᠭ ᠰᠢᠩᠬᠤᠯᠠ ᠮᠣᠷᠢᠪᠠᠨ ᠤᠨᠤᠵᠤ ᠦᠬᠦᠪᠡᠰᠦ ᠦᠬᠦᠶᠡ᠂ ᠠᠮᠢᠳᠤᠷᠠᠪᠠᠰᠤ ᠠᠮᠢᠳᠤᠷᠠᠶᠠ ᠭᠡᠵᠦ ᠣᠨᠤᠨ ᠮᠦᠷᠡᠨ ᠤᠷᠤᠭᠤ ᠶᠠᠪᠤᠪᠠ᠃ ᠲᠡᠨᠳᠡ ᠪᠡᠯᠵᠢᠶᠢᠨ ᠠᠷᠠᠯ ᠭᠡᠬᠦ ᠭᠠᠵᠠᠷ ᠬᠦᠷᠴᠦ ᠡᠪᠡᠰᠦᠨ ᠡᠮᠪᠦᠯᠡ ᠭᠡᠷ ( ᠣᠪᠤᠬᠠᠢ) ᠪᠠᠷᠢᠵᠤ ᠰᠠᠭᠤᠪᠠ᠃