《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ
23᠂ ᠡᠬᠡ ᠠᠯᠤᠩᠭᠤᠸ᠎ᠠ᠎ᠶᠢ ᠦᠭᠡᠢ ᠪᠣᠯᠤᠭᠰᠠᠨ᠎ᠤ ᠬᠣᠢᠨ᠎ᠠ ᠠᠬ᠎ᠠ ᠳᠡᠭᠦᠦ ᠲᠠᠪᠤᠭᠤᠯᠠ᠂ ᠠᠳᠤᠭᠤ ᠮᠠᠯ᠎ᠢᠶᠠᠨ ᠬᠣᠪᠢᠶᠠᠬᠤ ᠪᠣᠯᠵᠤ᠂ ᠪᠡᠯᠭᠦᠨᠦᠳᠡᠢ᠂ ᠪᠦᠬᠦᠨᠦᠳᠡᠢ᠂ ᠪᠤᠬ᠎ᠠ ᠬᠠᠲᠠᠬᠢ᠂ ᠪᠤᠭᠲᠤ ᠰᠠᠯᠵᠢ ᠲᠥᠷᠪᠡᠭᠦᠯᠡ ᠶᠠᠭᠤᠮ᠎ᠠ᠎ᠪᠠᠨ ᠬᠤᠪᠢᠶᠠᠵᠤ ᠠᠪᠤᠭᠠᠳ᠂ ᠳᠡᠭᠦᠦ ᠪᠣᠳᠠᠨᠴᠠᠷ ᠮᠣᠩᠬᠠᠭᠢ ᠶᠠᠳᠠᠭᠤ ᠭᠡᠵᠦ ᠤᠷᠤᠭ ( ᠲᠥᠷᠦᠯ)᠎ᠲᠤ ᠥᠯᠦ ᠲᠣᠭᠠᠴᠠᠵᠤ ᠥᠮᠴᠢ ᠬᠣᠪᠢ ᠦᠭᠭᠦᠭᠰᠡᠨ ᠦᠭᠡᠢ᠃