返回

《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ


22᠂ ᠪᠠᠰᠠ ᠠᠯᠤᠩᠭᠤᠸ᠎ᠠ᠂ ᠲᠠᠪᠤᠨ ᠬᠥᠪᠡᠭᠦᠨ᠎ᠢᠶᠡᠨ ᠰᠤᠷᠭᠠᠵᠤ ᠄ 《 ᠲᠠ ᠲᠠᠪᠤᠨ ᠬᠦᠪᠡᠭᠦᠨ᠂ ᠮᠢᠨᠤ ᠨᠢᠭᠡᠨ ᠬᠡᠪᠡᠯᠢ᠎ᠡᠴᠡ ᠲᠥᠷᠦᠭᠰᠡᠨ ᠪᠢᠰᠢᠦ᠃ ᠲᠠ ᠨᠠᠷ ᠭᠠᠭᠴᠠ ᠭᠠᠭᠴᠠᠭᠠᠷ ᠰᠠᠯᠪᠠᠯ ᠨᠢᠵᠡᠭᠡᠳ ᠮᠦᠰᠦ ᠮᠡᠲᠦ ᠬᠡᠨ ᠬᠥᠮᠥᠨ᠎ᠳᠦ ᠴᠤ᠌ ᠬᠢᠯᠪᠠᠷᠬᠠᠨ ᠳᠡᠢᠯᠦᠭᠳᠡᠨ᠎ᠡ᠃ ᠲᠠ ᠨᠠᠷ ᠡᠪ ᠡᠶ᠎ᠡ᠎ᠪᠡᠨ ᠨᠢᠭᠡᠳᠬᠡᠪᠡᠯ ᠲᠡᠷᠡ ᠪᠠᠭᠯᠠᠭᠰᠠᠨ ᠲᠠᠪᠤᠨ ᠮᠥᠰᠦ ᠮᠡᠲᠦ ᠪᠡᠬᠢ ᠪᠣᠯᠵᠤ᠂ ᠬᠡᠨ᠎ᠳᠦ ᠴᠤ᠌ ᠬᠢᠯᠪᠠᠷ ᠳᠡᠢᠯᠦᠭᠳᠡᠬᠦ ᠦᠭᠡᠢ ᠪᠣᠯᠤᠨ᠎ᠠ》 ᠭᠡᠪᠡ᠃ ᠴᠢᠩᠬᠢᠵᠦ ᠪᠠᠢᠲᠠᠯ᠎ᠠ ᠠᠯᠤᠩᠭᠤᠸ᠎ᠠ ᠡᠬᠡ ᠦᠭᠡᠢ ᠪᠣᠯᠪᠠ᠃

返回顶部