《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ
21᠂ ᠭᠡᠪᠡᠴᠦ ᠲᠠ ᠨᠠᠷ ᠤᠴᠢᠷ᠎ᠢ ᠮᠡᠳᠡᠬᠦ ᠦᠭᠡᠢ᠃ ᠰᠦᠨᠢ ᠪᠦᠷᠢ ᠴᠠᠭᠠᠨ ᠰᠢᠷ᠎ᠠ ᠬᠥᠮᠥᠨ᠂ ᠭᠡᠷ᠎ᠦᠨ ᠡᠷᠦᠬᠡ ᠲᠣᠲᠤᠭᠤᠪᠠᠷ ᠭᠡᠢᠭᠦᠯᠦᠨ ᠣᠷᠤᠵᠤ ᠢᠷᠡᠭᠡᠳ ᠮᠢᠨᠦ ᠬᠡᠪᠡᠯᠢ᠎ᠶᠢ ᠢᠯᠢᠬᠦ᠎ᠳᠦ ᠲᠡᠭᠦᠨ᠎ᠦ ᠭᠡᠷᠡᠯ ᠮᠢᠨᠤ ᠬᠡᠪᠡᠯᠢ᠎ᠳᠦ ᠰᠢᠩᠭᠡᠳᠡᠭ᠃ ᠲᠡᠷᠡ ᠬᠥᠮᠥᠨ᠂ ᠨᠠᠷᠠᠨ ᠰᠠᠷᠠᠨ᠎ᠤ ᠬᠢᠯᠢ᠎ᠪᠡᠷ ( ᠦᠷ᠎ᠢᠶᠡᠷ) ᠰᠢᠷ᠎ᠠ ᠨᠣᠬᠠᠢ ᠮᠡᠲᠦ ᠰᠢᠷᠪᠠᠯᠵᠠᠭᠰᠠᠭᠠᠷ ᠭᠠᠷᠴᠦ ᠶᠠᠪᠤᠳᠠᠭ᠃ ᠶᠠᠭᠠᠬᠢᠨ ᠳᠤᠷ᠎ᠠ᠎ᠪᠠᠷ᠎ᠢᠶᠠᠨ ᠶᠠᠷᠢᠬᠤ ᠪᠣᠢ ᠲᠠ᠃ ᠲᠡᠭᠦᠨ᠎ᠡᠴᠡ ᠦᠵᠡᠪᠡᠯ᠂ ᠲᠡᠭᠷᠢ᠎ᠶᠢᠨ ᠬᠦᠪᠡᠭᠦᠨ ᠪᠢᠵᠡ᠃ ᠬᠠᠷ᠎ᠠ ᠲᠡᠷᠢᠭᠦᠲᠦ ᠬᠥᠮᠥᠨ ᠲᠠᠢ ᠶᠠᠭᠠᠬᠢᠨ ᠠᠳᠠᠯᠢᠳᠬᠠᠬᠤ ᠪᠣᠢ᠃ ᠬᠠᠮᠤᠭ᠎ᠤᠨ ᠬᠠᠳ ᠪᠣᠯᠬᠤ ᠴᠠᠭ᠎ᠲᠤ ᠬᠠᠷᠠᠴᠤ ᠬᠥᠮᠥᠨ ᠰᠠᠶᠢ ᠤᠴᠢᠷ᠎ᠢ ᠮᠡᠳᠡᠨ᠎ᠡ》 ᠭᠡᠳ᠂