返回

《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ


19᠂ ᠬᠠᠪᠤᠷ᠎ᠤᠨ ᠨᠢᠭᠡᠨ ᠡᠳᠦᠷ ᠬᠣᠨᠢᠨ᠎ᠤ ᠬᠠᠲᠠᠭᠰᠠᠠᠨ ᠮᠢᠬ᠎ᠠ ᠴᠢᠨᠠᠵᠤ ᠪᠡᠯᠭᠦᠨᠦᠳᠡᠢ᠂ ᠪᠦᠬᠦᠨᠦᠳᠡᠢ᠂ ᠪᠤᠬ᠎ᠠ ᠬᠠᠲᠠᠬᠢ᠂ ᠪᠣᠭᠲᠣ᠌ ᠰᠠᠯᠵᠢ᠂ ᠪᠣᠳᠠᠨᠴᠠᠷ ᠮᠣᠩᠬᠠᠭ ᠲᠠᠪᠤᠨ ᠬᠥᠪᠡᠭᠦᠨ᠎ᠳᠡᠭᠡᠨ ᠢᠳᠡᠭᠦᠯᠦᠭᠡᠳ ᠲᠡᠳᠡᠨ᠎ᠢ ᠵᠡᠷᠭᠡᠴᠡᠭᠦᠯᠦᠨ ᠰᠠᠭᠤᠯᠭᠠᠵᠤ᠂ ᠬᠥᠮᠥᠨ ᠪᠦᠷᠢ᠎ᠳᠦ ᠨᠢᠵᠡᠭᠡᠳ ᠮᠥᠰᠦ ( ᠨᠢᠭᠡ ᠨᠢᠭᠡ ᠰᠣᠮᠣᠨ᠎ᠤ ᠡᠰᠢ)᠎ᠶᠢ ᠬᠤᠭᠤᠯ ᠭᠡᠵᠦ ᠥᠭᠭᠦᠭᠰᠡᠨ᠎ᠳᠦ ᠠᠮᠠᠷᠬᠠᠨ ᠬᠤᠭᠤᠯᠪᠠ᠃ ᠪᠠᠰᠠ ᠲᠠᠪᠤᠨ ᠮᠥᠰᠦ᠎ᠶᠢ ᠨᠡᠢᠯᠡᠭᠦᠯᠵᠦ ᠪᠠᠭᠯᠠᠭᠠᠳ ᠬᠤᠭᠤᠯ ᠭᠡᠵᠦ ᠥᠭᠪᠡᠯ ᠲᠠᠪᠤᠭᠤᠯᠠ ᠳᠠᠷᠠᠭᠠᠯᠠᠨ ᠣᠷᠤᠯᠳᠤᠭᠠᠳ ᠬᠤᠭᠤᠯᠵᠤ ᠴᠢᠳᠠᠭᠰᠠᠨ ᠦᠭᠡᠢ᠃

返回顶部