返回

           ᠦᠬᠦᠬᠦ ᠬᠥᠮᠥᠨ᠎ᠳᠦ ᠬᠠᠨᠢ ᠬᠡᠷᠡᠭ ᠦᠭᠡᠢ
                       – ᠪ᠂ ᠳ᠋ᠣᠭ᠍ᠮᠢᠳ
 
    ᠪᠦᠳᠡᠬᠢ ᠭᠡᠷᠡᠯ ᠲᠠᠢ ᠴᠢᠯᠠᠭᠤᠨ ᠱᠠᠯᠠ ᠲᠠᠢ ᠳᠠᠪᠴᠢᠭᠤᠬᠠᠨ ᠥᠷᠦᠭᠡᠨ᠎ᠦ ᠬᠣᠢᠮᠤᠷ᠎ᠲᠤ ᠳᠡᠪᠢᠰᠦᠭᠰᠡᠨ ᠡᠪᠡᠰᠦ ᠰᠦᠷᠡᠯ ᠳᠡᠭᠡᠷ᠎ᠡ ᠬᠣᠶᠠᠷ ᠬᠣᠷᠢᠭ᠍ᠳᠠᠯ ᠡᠷ᠎ᠡ ᠵᠡᠷᠭᠡᠴᠡᠨ ᠬᠡᠪᠲᠡᠵᠤ ᠪᠠᠢᠯ᠎ᠠ᠃ ᠲᠡᠷᠡ ᠬᠣᠶᠠᠭᠤᠯᠠ ᠠᠭᠠᠯᠵᠢᠨ ᠰᠢᠯᠦᠰᠦ᠂ ᠣᠲᠣᠭ᠎ᠠ ᠲᠣᠷᠳᠤᠭ᠎ᠲᠤ ᠪᠠᠷᠢᠭ᠍ᠳᠠᠭᠰᠠᠨ ᠠᠲᠠᠷ ᠰᠢᠷᠲᠡᠨ ᠲᠣᠰ ᠲᠣᠰ᠎ᠤᠨ᠎ᠢᠶᠠᠨ ᠴᠢᠯᠠᠭᠤ ᠠᠳᠠᠯᠢ ᠬᠥᠨᠳᠥ᠍ ᠪᠣᠳᠤᠯ᠎ᠳᠤ ᠳᠠᠷᠤᠭᠳᠠᠨ ᠰᠠᠨᠠᠭᠠᠰᠢᠷᠠᠨ᠎ᠠ᠃ ᠶᠠᠪᠣᠬᠤ ᠭᠠᠵᠠᠷ ᠬᠡᠮᠵᠢᠶ᠎ᠡ ᠲᠠᠢ᠂ ᠶᠠᠷᠢᠬᠤ ᠦᠭᠡ ᠲᠣᠭ᠎ᠠ ᠲᠠᠢ᠃ ᠡᠨᠡ ᠴᠢᠬᠢᠭ᠌ ᠬᠠᠩᠬᠤᠯᠤᠭᠰᠠᠨ ᠦᠮᠡᠬᠡᠢ ᠪᠠᠢᠰᠢᠩ᠎ᠳᠤ ᠬᠥᠮᠥᠨ᠎ᠦ ᠪᠡᠶ᠎ᠡ ᠪᠠᠢᠲᠤᠭᠠᠢ ᠪᠣᠳᠤᠯ ᠰᠡᠳᠬᠢᠯ ᠬᠦᠷᠲᠡᠯ᠎ᠡ ᠬᠦᠯᠢᠶᠡᠰᠦᠨ᠎ᠳᠦ ᠣᠷᠤᠵᠤ ᠴᠤᠤᠵᠢᠯᠠᠭᠳᠠᠳᠠᠭ᠎ᠢ ᠨᠠᠷᠠᠨ᠎ᠳᠤ ᠡᠷᠬᠡ ᠴᠢᠯᠦᠭᠡ ᠲᠠᠢ ᠶᠠᠪᠤᠭ᠎ᠠ ᠬᠥᠮᠥᠨ ᠶᠠᠭᠠᠬᠢᠨ ᠮᠡᠳᠡᠬᠦ ᠰᠠᠨ ᠪᠢᠯᠡ᠃ ᠲᠡᠷᠡ ᠬᠣᠶᠠᠷ᠎ᠤᠨ ᠨᠠᠰᠤ᠎ᠪᠠᠷ ᠠᠷᠠᠢ ᠠᠬᠠᠮᠠᠳ᠂ ᠦᠰᠦ ᠰᠠᠬᠠᠯ᠎ᠳᠤ᠎ᠪᠠᠨ ᠪᠠᠷᠢᠭ᠍ᠳᠠᠭᠰᠠᠨ ᠴᠣᠩᠬᠢᠭᠠᠷ ᠴᠢᠷᠠᠢ ᠲᠠᠢ᠂ ᠶᠠᠰᠤᠷᠬᠠᠭ ᠲᠣᠷᠠᠩᠬᠠᠢ ᠡᠷ᠎ᠡ ᠰᠢᠷᠬᠠᠨ᠎ᠳᠤ᠎ᠪᠠᠨ ᠡᠮᠵᠡᠭᠯᠡᠨ ᠪᠣᠯᠭᠤᠮᠵᠢᠲᠠᠢ ᠵᠦᠭᠡᠯᠡᠨ ᠡᠷᠭᠢᠭᠰᠡᠨ᠎ᠢᠶᠡᠨ᠄
    《 ᠨᠠᠷᠠ ᠰᠠᠯᠬᠢ ᠨᠢᠭᠡ ᠦᠵᠡᠭᠡᠳ ᠨᠢᠳᠦ ᠠᠨᠢᠬᠤ ᠶᠤᠮ ᠰᠠᠨ᠃ ᠰᠢᠷᠬᠠᠨ᠎ᠳᠤ ᠦᠨᠦᠷ ᠣᠷᠤᠭᠠᠳ ᠠᠮᠢᠳᠤ᠎ᠪᠠᠷ᠎ᠢᠶᠠᠨ ᠥᠮᠡᠬᠡᠢᠷᠡᠵᠦ ᠭᠦᠢᠴᠡᠯ᠎ᠡ᠃ ᠶᠠᠫᠤᠨ᠎ᠤ ᠬᠡᠳᠦᠨ ᠱᠣᠷᠣᠩ ᠳᠠᠮᠵᠢᠬᠤ᠎ᠳᠤ᠎ᠪᠠᠨ ᠠᠷᠠᠢ ᠢᠩᠬᠢᠲᠡᠯ᠎ᠡ ᠲᠤᠢᠯᠳᠠᠭ᠎ᠠ ᠦᠭᠡᠢ ᠶᠤᠮ ᠰᠠᠨ᠃ ᠮᠢᠨᠤ ᠦᠬᠦᠬᠦ ᠭᠠᠵᠠᠷ᠎ᠤᠨ ᠰᠢᠷᠤᠢ ᠡᠨᠳᠡ ᠫᠤᠷᠭᠢᠭ᠍ᠰᠠᠨ ᠪᠠᠢᠯᠬᠦᠢ ᠳᠠ》 ᠭᠡᠳ ᠴᠠᠭᠠᠰᠢ᠎ᠪᠠᠨ ᠬᠡᠯᠡᠬᠦ ᠦᠭᠡ ᠮᠣᠩᠬᠤᠷᠳᠠᠪᠠ ᠪᠣᠯᠤᠯᠲᠠᠢ᠂ ᠤᠷᠲᠤ ᠭᠡᠭᠴᠢ ᠰᠠᠨᠠᠭ᠎ᠠ ᠠᠯᠳᠠᠯ᠎ᠠ᠃ ᠲᠡᠭᠦᠨ᠎ᠦ ᠡᠨᠡ ᠰᠢᠨᠡᠯᠭᠠᠲᠠᠢ ᠴᠦᠬᠦᠷᠡᠩᠭᠦᠢ ᠦᠭᠡᠨ᠎ᠳᠦ ᠥᠷᠦᠴᠡ ᠬᠦᠨᠳᠡᠭᠦᠷᠯᠡᠨ ᠥᠷᠦᠪᠳᠦᠭᠰᠡᠨ ᠵᠠᠮᠰᠤ ᠰᠡᠳᠬᠢᠯ᠎ᠢ ᠨᠢ ᠵᠠᠰᠠᠬᠤ ᠨᠠᠭᠠᠰᠢᠲᠠᠢ ᠦᠭᠡ ᠬᠠᠢᠬᠤ ᠮᠡᠨᠳᠦ ᠱᠣᠷᠤᠩ᠎ᠤᠨ ᠬᠠᠷᠠᠩᠭᠤᠢ ᠳᠠᠪᠴᠢᠭᠤ ᠥᠷᠦᠭᠡᠨ᠎ᠦ ᠥᠨᠴᠦᠭ ᠪᠣᠯᠤᠩ ᠤᠷᠤᠭᠤ ᠬᠠᠷᠠᠭ᠎ᠠ ᠭᠦᠶᠦᠯᠭᠡᠭᠰᠡᠨ᠎ᠢᠶᠡᠨ᠄
    《 ᠬᠥᠮᠥᠨ ᠵᠣᠪᠠᠯᠠᠩ᠎ᠢ ᠳᠠᠭᠠᠭᠠᠳᠠᠭ ᠶᠤᠮ᠃ ᠣᠳᠣ᠌ ᠢᠯᠠᠯᠲᠠ ᠣᠢᠷᠠᠲᠤᠭᠰᠠᠨ᠃ ᠮᠠᠨ᠎ᠤ ᠬᠢᠨ ᠨᠢᠭᠡ ᠯᠡ ᠡᠳᠦᠷ ᠤᠷᠢᠶ᠎ᠠ ᠬᠠᠰᠬᠢᠷᠤᠭᠠᠳ ᠣᠷᠤᠭᠠᠳ ᠢᠷᠡᠨ᠎ᠡ᠃ ᠳᠡᠰᠯᠡᠭᠴᠢ ᠲᠠ ᠲᠡᠷᠡ ᠪᠣᠯᠲᠠᠯ᠎ᠠ ᠳᠡᠰᠬᠥ ᠬᠡᠷᠡᠭᠲᠡᠢ᠃ ᠠᠮᠢᠳᠤ ᠶᠠᠪᠤᠭᠰᠠᠨ ᠬᠥᠮᠥᠨ ᠠᠯᠲᠠᠨ ᠠᠶᠠᠭᠠᠨ᠎ᠠᠴᠠ ᠤᠰᠤ ᠤᠤᠭᠤᠬᠤ ᠴᠠᠭ ᠪᠣᠢ》 ᠭᠡᠵᠦ ᠬᠡᠯᠡᠭᠡᠳ ᠲᠡᠷᠡ ᠦᠭᠡᠨ᠎ᠳᠦ᠎ᠪᠡᠨ ᠡᠷᠡᠭᠡᠯᠵᠡᠨ ᠥᠪᠡᠷ᠎ᠢ᠎ᠪᠡᠨ ᠬᠡᠳᠦᠢ᠎ᠳᠦ᠎ᠪᠡᠨ ᠡᠢᠮᠦ ᠪᠡᠯᠡᠨ ᠰᠡᠴᠡᠨ ᠦᠭᠡ ᠲᠠᠢ ᠪᠣᠯᠴᠢᠬᠠᠭᠰᠠᠨ᠎ᠢ ᠭᠠᠢᠬᠠᠭᠠᠳ ᠣᠯᠤᠭᠰᠠᠨ ᠦᠭᠡᠢ᠃ ᠤᠴᠢᠷ᠎ᠤᠨ ᠦᠵᠦᠭᠦᠷ ᠨᠢ ᠥᠯᠦ ᠣᠯᠳᠠᠬᠣ᠌ ᠤᠨᠢᠰᠤᠭ᠎ᠠ ᠳᠠᠭᠠᠪᠦᠷᠢ ᠰᠢᠭ᠋ ᠡᠭᠡᠳᠡᠷᠡᠭᠡᠨ ᠲᠠᠢ ᠭᠦᠨ ᠪᠣᠳᠤᠯ᠎ᠳᠤ ᠣᠯᠠᠨ ᠬᠣᠨᠤᠭ ᠳᠠᠷᠤᠭᠳᠠᠨ ᠥᠯᠦᠰᠬᠦ ᠡᠪᠡᠳᠬᠦ᠎ᠶᠢ ᠪᠠᠢᠲᠤᠭᠠᠢ ᠡᠷᠡᠮᠳᠡᠭ ᠵᠡᠷᠡᠮᠳᠡᠭ ᠪᠣᠯᠤᠭᠰᠠᠨ ᠠᠮᠢᠳᠤ ᠪᠡᠶ᠎ᠡ᠎ᠪᠡᠨ ᠠᠯᠢ ᠡᠷᠲᠡ ᠮᠠᠷᠲᠠᠭᠰᠠᠨ ᠨᠢᠰᠭᠡᠭᠴᠢ ᠪᠠᠲᠤ᠂ ᠵᠠᠮᠰᠤ᠎ᠶᠢᠨ ᠰᠠᠶᠢ ᠶᠠᠭᠤ ᠬᠡᠯᠡᠭᠰᠡᠨ᠎ᠢ ᠪᠠᠷᠤᠭ ᠠᠩᠵᠠᠭᠠᠷᠠᠭᠰᠠᠨ ᠦᠭᠡᠢ᠃
    ᠪᠢ ᠡᠨᠡ ᠵᠠᠯᠠᠭᠤ ᠲᠠᠢ ᠭᠤᠷᠪᠠᠨ ᠰᠠᠷ᠎ᠠ ᠰᠢᠬᠠᠮ ᠨᠢᠭᠡ ᠥᠷᠦᠭᠡᠨ᠎ᠳᠦ ᠬᠣᠷᠢᠭ᠍ᠳᠠᠯ᠎ᠠ᠃ ᠰᠢᠷᠬ᠎ᠠ ᠬᠥᠨᠳᠦᠷᠡᠵᠤ ᠪᠡᠶ᠎ᠡ ᠰᠤᠯᠠᠷᠠᠬᠤ᠎ᠪᠠᠷ ᠤᠬᠠᠭᠠᠨ ᠴᠤᠴᠠᠵᠤ ᠡᠭᠡᠳᠡᠷᠡᠳᠡᠭ ᠶᠤᠮ ᠪᠣᠯᠪᠠ ᠦᠦ? ᠵᠠᠷᠢᠮ᠎ᠳᠠᠭᠠᠨ ᠰᠢᠷᠬᠠᠨ᠎ᠳᠤ᠎ᠪᠠᠨ ᠬᠠᠯᠠᠭᠤᠷᠠᠨ ᠰᠣᠯᠢᠶᠠᠷᠠᠵᠤ ᠪᠠᠢᠨ᠎ᠠ ᠦᠦ ᠭᠡᠮᠡᠷ ᠡᠯᠳᠡᠪ᠎ᠦᠨ ᠣᠷᠣᠭ᠎ᠠ ᠪᠣᠰᠬᠠᠭ᠎ᠠ ᠶᠠᠭᠤᠮ᠎ᠠ ᠪᠣᠳᠤᠵᠤ ᠠᠮᠢ᠎ᠪᠠᠨ ᠬᠣᠷᠤᠭᠠᠴᠢᠬᠠᠮᠠᠷ ᠰᠠᠨᠠᠭᠳᠠᠬᠣ᠌ ᠶᠤᠮ᠃ ᠬᠠᠷᠠᠪᠠᠰᠤ ᠡᠨᠡ ᠬᠠᠯᠬ᠎ᠠ ᠵᠠᠯᠠᠭᠤ ᠳᠠᠩᠳᠠ ᠡᠨᠡ ᠥᠮᠡᠬᠡᠢ ᠨᠥᠬᠡᠨ᠎ᠳᠦ ᠨᠠᠳᠠ ᠲᠠᠢ ᠬᠠᠮᠲᠤ ᠬᠡᠳᠦᠨ ᠰᠠᠷ᠎ᠠ ᠬᠣᠷᠢᠭ᠍ᠳᠠᠨ᠎ᠠ ᠭᠡᠵᠦ ᠪᠠᠢᠮᠠᠷ ᠦᠭᠡᠢ ᠰᠠᠨ᠃ ᠠᠷᠠᠰᠤ᠎ᠪᠠᠨ ᠠᠮᠢᠳᠤ᠎ᠪᠠᠷ᠎ᠢᠶᠠᠨ ᠥᠪᠴᠢᠭᠦᠯᠬᠦ᠎ᠡᠴᠡ ᠨᠠᠭᠠᠭᠤᠷ ᠳᠠᠮᠤᠯᠠᠭᠤᠯᠬᠤ᠎ᠳᠤ᠎ᠪᠠᠨ ᠭᠠᠭᠴᠠ ᠴᠤ᠌ ᠦᠨᠡᠨ ᠦᠬᠡ ᠬᠡᠯᠡᠭᠡᠳ ᠦᠭᠡᠢ ᠬᠥᠮᠥᠨ᠎ᠢ ᠬᠡᠪ ᠭᠡᠨᠡᠳᠲᠡ ᠰᠢᠷᠬᠠᠨ᠎ᠤ᠎ᠪᠠᠨ ᠬᠠᠯᠠᠭᠤᠨ᠎ᠳᠤ ᠰᠣᠯᠢᠶᠠᠷᠠᠭᠠᠳ ᠬᠠᠮᠤᠭ ᠪᠠᠢᠳᠠᠭ᠎ᠢᠶᠠᠨ ᠲᠣᠭᠠᠴᠢᠴᠢᠬᠠᠨ᠎ᠠ ᠭᠡᠵᠦ ᠰᠠᠨᠠᠮᠠᠷ ᠦᠭᠡᠢ ᠰᠠᠨ᠃ ᠶᠠᠫᠤᠨᠴᠤᠳ ᠲᠡᠢᠮᠤ ᠲᠡᠨᠡᠭ ᠭᠡᠨᠡᠭᠡᠨ ᠬᠥᠮᠥᠰ ᠪᠢᠰᠢ᠃ ᠶᠠᠬᠡ ᠤᠷᠠᠨ ᠲᠣᠷᠭᠠᠨ ( ᠨᠠᠷᠢᠨ ᠤᠬᠠᠭᠠᠨ) ᠲᠠᠢ ᠳᠣᠲᠣᠷ ᠲᠠᠮᠢᠷ ᠲᠠᠢ ᠠᠮᠢᠲᠠᠳ᠃ ᠬᠠᠷᠢᠨ ᠶᠠᠭᠠᠬᠢᠭᠠᠳ ᠨᠠᠮ᠎ᠠ᠎ᠶᠢ ᠴᠠᠭᠠᠰᠢ ᠬᠠᠷᠠᠭᠣᠯᠴᠢᠬᠠᠬᠤ ᠦᠭᠡᠢ ᠢᠩᠬᠢᠵᠤ ᠤᠳᠠᠭᠠᠨ ᠬᠠᠳᠠᠭᠠᠯᠠᠭᠠᠳ ᠪᠠᠢᠭ᠎ᠠ ᠶᠤᠮ ᠪᠣᠯ? ᠶᠠᠳᠠᠷᠠᠵᠤ ᠲᠤᠢᠯᠳᠠᠭᠠᠳ ᠶᠠᠰᠤ ᠠᠷᠠᠰᠤ ᠪᠣᠯᠬᠣ᠌᠎ᠶᠢᠨ ᠴᠠᠭ᠎ᠲᠤ᠎ᠪᠠᠨ ᠠᠮᠢ ᠭᠤᠶᠤᠵᠤ ᠠᠶᠠᠨᠳᠠᠭᠠᠨ ᠳᠣᠯᠣᠭᠠᠨ ᠪᠣᠯᠴᠢᠷᠬᠠᠢ᠎ᠪᠠᠨ ᠲᠣᠭᠠᠴᠢᠨ᠎ᠠ ᠭᠡᠵᠦ ᠬᠦᠯᠢᠶᠡᠭᠡ ᠦᠭᠡᠢ ᠪᠠᠢᠯᠲᠠᠢ᠃
ᠪᠢ ᠡᠨᠡ ᠵᠠᠯᠠᠭᠤ᠎ᠶᠢ ᠤᠬᠠᠭᠠᠨ᠎ᠤ᠎ᠪᠠᠨ ᠬᠢᠷᠢ᠎ᠪᠡᠷ ᠤᠯᠠᠨ ᠳᠠᠬᠢᠨ ᠮᠠᠭᠤ ᠦᠭᠡᠢ ᠰᠢᠯᠭᠠᠭᠰᠠᠨ᠂ ᠦ ᠰᠡᠪ ᠣᠯᠤᠭ᠎ᠠ ᠦᠭᠡᠢ᠃ ᠲᠡᠭᠦᠨ᠎ᠦ ᠬᠡᠯᠡᠭᠰᠡᠨ ᠪᠣᠯᠭᠠᠨ ᠦᠨᠡᠨ ᠪᠠᠢᠳᠠᠭ᠃ ᠬᠡᠷᠪᠡ ᠰᠠᠮᠤᠷᠠᠢ ᠨᠠᠷ᠎ᠲᠤ ᠮᠢᠨᠦ ᠦᠭᠡ᠎ᠶᠢ ᠳᠠᠮᠵᠢᠭᠤᠯᠳᠠᠭ ᠰᠠᠨ ᠪᠣᠯ ᠡᠳᠦᠷ ᠪᠣᠯᠭᠠᠨ ᠴᠡᠷᠢᠭ᠎ᠦᠨ ᠭᠠᠯ ᠲᠣᠭᠤᠭᠠᠨ᠎ᠳᠤ ᠣᠴᠢᠵᠤ ᠴᠠᠳᠲᠠᠯ᠎ᠠ᠎ᠪᠠᠨ ᠬᠣᠭᠤᠯᠠ ᠢᠳᠡᠳᠡᠭ᠎ᠢᠶᠡᠨ ᠨᠠᠳᠠ᠎ᠳᠤ ᠶᠠᠭᠤᠨ᠎ᠳᠤ ᠬᠡᠯᠡᠬᠦ ᠰᠠᠨ ᠪᠢᠯᠡ᠃ ᠥᠯᠦᠨ ᠬᠣᠭᠤᠰᠤᠨ ᠬᠥᠮᠥᠨ᠎ᠦ ᠬᠠᠮᠠᠷ᠎ᠲᠤ ᠬᠣᠭᠤᠯᠠᠨ᠎ᠤ ᠦᠨᠦᠷ ᠰᠣᠳᠤᠨ ᠪᠠᠢᠳᠠᠭ ᠲᠤᠯᠠ ᠨᠢᠭᠤᠭᠠᠳ ᠨᠡᠮᠡᠷᠢ ᠦᠭᠡᠢ ᠭᠡᠵᠦ ᠰᠠᠨᠠᠭᠰᠠᠨ ᠴᠤ᠌ ᠪᠠᠢᠵᠤ ᠪᠣᠯᠬᠤ ᠶᠤᠮ᠃ ᠬᠡᠷᠪᠡ ᠳᠠᠢᠰᠤᠨ᠎ᠳᠤ ᠪᠡᠶ᠎ᠡ᠎ᠪᠡᠨ ᠬᠤᠳᠠᠯᠳᠤᠨ᠂ ᠬᠦᠴᠦᠨ ᠵᠢᠳᠭᠦᠶ᠎ᠡ ᠭᠡᠵᠦ ᠦᠨᠡᠬᠡᠷ ᠰᠠᠨᠠᠭᠰᠠᠨ ᠪᠣᠯ ᠥᠨᠦᠴᠢᠨ ᠥᠷᠦᠭᠡᠰᠦᠨ᠂ ᠠᠷᠤ᠎ᠳᠤ᠎ᠪᠠᠨ ᠬᠣᠷᠭᠤᠲᠠᠬᠤ ᠠᠪᠤ ᠡᠵᠢ ᠦᠭᠡᠢ ᠭᠡᠳᠡᠭ᠎ᠢᠶᠡᠨ ᠨᠠᠳᠠ᠎ᠳᠤ ᠬᠡᠯᠡᠬᠦ ᠶᠣᠰᠤ ᠦᠭᠡᠢ᠃ ᠬᠠᠷᠢᠨ ᠬᠡᠦᠬᠡᠳ᠎ᠢᠶᠡᠨ ᠳᠡᠩᠰᠡᠯᠭᠡᠯ ᠦᠭᠡᠢ ᠶᠡᠬᠡ᠎ᠪᠡᠷ ᠰᠠᠨᠠᠵᠤ ᠪᠠᠢᠨ᠎ᠠ ᠭᠡᠵᠦ ᠬᠤᠳᠠᠯ ᠶᠠᠷᠢᠬᠤ ᠶᠣᠰᠤ ᠲᠠᠢ ᠪᠠᠢᠭ᠍ᠰᠠᠨ᠃ ᠦᠨᠡᠬᠡᠷ ᠮᠢᠨᠤ ᠦᠭᠡ᠎ᠶᠢ ᠡᠲᠦᠨ ᠨᠠᠮ᠎ᠠ᠎ᠶᠢ ᠲᠤᠷᠰᠢᠵᠤ ᠪᠠᠢᠭ᠎ᠠ ᠪᠣᠯ ᠨᠢᠭᠤᠵᠤ ᠬᠠᠭᠠᠵᠤ ᠪᠠᠢᠮᠠᠨᠵᠢᠨ ᠣᠯᠵᠤ ᠢᠷᠡᠯ᠎ᠡ ᠬᠡᠮᠡᠨ ᠨᠠᠳᠠ᠎ᠳᠤ ᠲᠠᠯᠬ᠎ᠠ᠎ᠶᠢᠨ ᠪᠣᠯᠤᠩ ᠣᠢᠷᠠᠲᠤᠭᠤᠯᠤᠨ ᠥᠭᠬᠦ ᠪᠠᠢᠭ᠍ᠰᠠᠨ ᠪᠢᠵᠡ᠃ ᠡᠰᠡᠭᠦᠯ᠎ᠡ ᠥᠪᠡᠷ᠎ᠦᠨ᠎ᠢᠶᠡᠨ ᠬᠣᠭᠣᠯᠠ᠎ᠠᠴᠠ ᠢᠯᠡᠭᠦᠴᠢᠯᠡᠨ ᠥᠭᠴᠦ ᠪᠠᠢᠭ᠎ᠠ ᠪᠣᠯᠬᠤᠷ᠎ᠢᠶᠠᠨ ᠲᠡᠢᠮᠦ ᠶᠠᠭᠤᠮ᠎ᠠ ᠰᠠᠨᠠᠳᠠᠭ ᠦᠭᠡᠢ ᠪᠠᠢᠵᠤ ᠪᠣᠯᠬᠤ ᠶᠤᠮ᠃ ᠭᠡᠲᠡᠯ᠎ᠡ ᠨᠠᠳᠠ᠎ᠳᠤ ᠬᠣᠭᠤᠯᠠᠨ᠎ᠠᠴᠠ᠎ᠪᠠᠨ ᠢᠯᠡᠭᠦᠴᠢᠯᠡᠨ ᠥᠭᠳᠡᠭ᠎ᠦᠨ ᠤᠴᠢᠷ ᠶᠠᠭᠤ ᠰᠠᠨ ᠪᠢᠯᠡ᠃ ᠰᠠᠮᠤᠷᠠᠢ ᠨᠠᠷ ᠡᠨᠡ ᠲᠣᠬᠠᠢ ᠪᠣᠳᠤᠬᠤ᠎ᠪᠠᠨ ᠮᠠᠷᠲᠠᠴᠢᠬᠠᠭᠰᠠᠨ ᠭᠡᠪᠡᠯ ᠳᠠᠩᠴᠢ ᠦᠨᠡᠮᠰᠢᠯ ᠦᠭᠡᠢ ᠬᠤᠳᠠᠯ᠃ ᠵᠠᠮᠰᠤ ᠬᠥᠯᠦᠰᠦᠨ᠎ᠦ ᠲᠤᠷᠰᠢᠭᠤᠯ ( ᠵᠣᠭᠣᠰ ᠮᠥᠩᠬᠦ᠎ᠪᠡᠷ ᠬᠥᠯᠦᠰᠦᠯᠡᠨ ᠠᠪᠤᠭᠰᠠᠨ ᠲᠠᠩᠨᠠᠭᠤᠯ) ᠪᠠᠢᠭ᠍ᠰᠠᠨ ᠰᠠᠨ ᠪᠣᠯ 《 ᠡᠨᠡ ᠬᠠᠨᠠᠨ᠎ᠳᠤ ᠲᠠ ᠪᠢᠳᠡ ᠬᠣᠶᠠᠷ᠎ᠤᠨ ᠶᠠᠷᠢᠶ᠎ᠠ᠎ᠶᠢ ᠴᠢᠩᠨᠠᠳᠠᠭ ᠴᠢᠬᠢ ᠪᠣᠢ ᠰᠢᠦ》 ᠭᠡᠵᠦ ᠨᠠᠳᠠ᠎ᠳᠤ ᠰᠠᠨᠠᠭᠤᠯᠬᠤ ᠪᠠᠢᠭ᠍ᠰᠠᠨ ᠭᠡᠵᠦ ᠦᠦ? ᠶᠣᠰᠤᠲᠠᠢ ᠭᠠᠢᠬᠠᠮᠠᠷ ᠶᠤᠮ᠃ ᠳᠠᠢᠰᠤᠨ᠎ᠳᠤ ᠣᠷᠪᠠᠨ᠂ ᠠᠨᠳᠠᠭᠠᠢ ᠲᠠᠩᠭᠠᠷᠢᠭ᠋᠎ᠠᠴᠠ᠎ᠪᠠᠨ ᠨᠢᠴᠤᠭᠰᠠᠨ ᠬᠥᠮᠥᠨ 《 ᠶᠠᠫᠤᠨᠴᠤᠳ ᠨᠠᠮ᠎ᠠ᠎ᠶᠢ ᠮᠠᠨ᠎ᠤ ᠨᠠᠷᠠᠨ ᠤᠯᠤᠰ᠎ᠲᠤ ᠬᠦᠴᠦᠨ ᠵᠢᠳᠬᠦ ᠭᠡᠵᠦ ᠢᠳᠬᠠᠭᠠᠳ ᠪᠠᠢᠨ᠎ᠠ᠂ ᠥᠪᠡᠷ᠎ᠢ ᠴᠢᠨᠢ ᠶᠠᠭᠤ ᠶᠠᠷᠢᠬᠤ᠎ᠶᠢ ᠲᠠᠩᠨᠠᠵᠤ ᠪᠠᠢ ᠭᠡᠵᠦ ᠲᠠᠭᠠᠭᠠᠯᠭᠠᠯ᠎ᠠ》 ᠬᠡᠮᠡᠨ ᠶᠠᠷᠢᠬᠤ ᠪᠠᠢᠭ᠍ᠰᠠᠨ ᠦᠦ? ᠳᠠᠢᠰᠤᠨ᠎ᠤ ᠰᠠᠨᠠᠭ᠎ᠠ ᠬᠣᠷᠤᠨ᠂ ᠠᠷᠭ᠎ᠠ ᠨᠠᠷᠢᠨ᠂ ᠴᠠᠭᠠᠨ᠎ᠠ᠎ᠪᠠᠨ ᠣᠯᠠᠨ ᠲᠣᠯᠤᠭᠠᠢ ᠵᠡᠷᠭᠡ ᠵᠡᠷᠭᠡ ᠪᠣᠳᠤᠵᠤ ᠪᠠᠢᠭ᠎ᠠ ᠪᠣᠯᠬᠤᠷ ᠡᠢᠮᠦᠷᠬᠦᠦ ᠬᠥᠮᠥᠨ᠎ᠦ ᠰᠠᠨᠠᠭᠠᠨ᠎ᠳᠤ ᠣᠷᠤᠮ᠎ᠠ ᠦᠭᠡᠢ ᠬᠠᠴᠢᠨ ᠠᠷᠭ᠎ᠠ ᠬᠡᠷᠡᠭᠯᠡᠪᠡᠯ ᠨᠠᠮ᠎ᠠ᠎ᠶᠢ ᠵᠠᠮᠰᠤ᠎ᠳᠤ ᠢᠲᠡᠭᠡᠭᠡᠳ ᠬᠠᠮᠤᠭ ᠨᠠᠷᠢᠨ ᠰᠢᠷᠢᠨ ᠨᠢᠭᠤᠴᠠ᠎ᠪᠠᠨ ᠬᠡᠯᠡᠨ᠎ᠡ ᠭᠡᠵᠦ ᠰᠠᠨᠠᠭᠰᠠᠨ ᠪᠠᠢᠬᠤ᠎ᠶᠢ ᠦᠭᠡᠢ ᠭᠡᠬᠦ᠎ᠶᠢᠨ ᠭᠠᠵᠠᠷ ᠦᠭᠡᠢ᠃ ᠠᠯᠢ ᠡᠰᠡᠪᠡᠯ ᠪᠢ ᠬᠡᠲᠦᠷᠬᠡᠢ ᠪᠣᠯᠭᠤᠮᠵᠢᠯᠠᠨ᠂ ᠮᠠᠭᠤ ᠰᠠᠨᠠᠭᠠᠯᠠᠭᠠᠳ ᠨᠥᠬᠦᠷ ᠳᠠᠢᠰᠤᠨ ᠬᠣᠶᠠᠷ ᠢᠵᠢᠯ ᠢᠯᠭᠠᠬᠤ ᠦᠭᠡᠢ ᠪᠣᠳᠣᠯᠢᠵᠤ ( ᠲᠥᠭᠡᠷᠡᠵᠦ) ᠰᠠᠭᠤᠭ᠎ᠠ ᠶᠤᠮ ᠪᠢᠰᠢ ᠪᠢᠵᠠ᠃ ᠨᠠᠮ᠎ᠠ᠎ᠶᠢ ᠡᠢᠨ ᠬᠦ᠌ ᠳᠠᠮᠵᠢᠭᠤᠯᠬᠤ ᠦᠭᠡ᠎ᠪᠡᠨ ᠬᠡᠯᠡᠵᠤ ᠵᠢᠷᠦᠬᠡᠯᠡᠯ ᠦᠭᠡᠢ ᠡᠷᠭᠢᠵᠤ ᠬᠣᠷᠭᠤᠭᠰᠠᠭᠠᠷ ᠰᠠᠭᠤᠲᠠᠯ᠎ᠠ ᠭᠡᠨᠡᠳᠲᠡ ᠨᠢᠭᠡ ᠡᠳᠦᠷ ᠶᠠᠫᠤᠨᠴᠤᠳ ᠵᠠᠮᠰᠤ᠎ᠶᠢ ᠪᠣᠰᠴᠠᠭᠠᠵᠤ ᠢᠷᠡᠭᠦᠯᠬᠦ ᠦᠭᠡᠢ᠎ᠪᠡᠷ ᠪᠦᠷᠢᠮᠦᠰᠦᠨ ᠠᠪᠤᠭᠠᠳ ᠶᠡᠪᠤᠴᠢᠬᠠᠪᠠᠯ ᠳᠠᠯᠢᠢᠭ᠍ᠴᠢ ᠮᠠᠭᠰᠠᠷᠭᠣᠴᠤᠤ᠎ᠶᠢᠨ ᠦᠭᠡ ᠪᠠᠰᠠ ᠨᠠᠳᠠ ᠲᠠᠢ ᠬᠠᠮᠲᠤ ᠰᠢᠷᠤᠢ᠎ᠳᠤ ᠪᠣᠯᠠᠭᠳᠠᠨ᠎ᠠ᠃ ᠮᠢᠨᠤ ᠦᠬᠦᠬᠦ ᠪᠠᠭ᠎ᠠ ᠬᠡᠷᠡᠭ᠂ ᠳᠠᠯᠢᠢᠭ᠍ᠴᠢ᠎ᠶᠢᠨ ᠬᠡᠯᠡᠭᠰᠡᠨ ᠦᠭᠡ᠎ᠶᠢ ᠨᠠᠢᠳᠠᠪᠣᠷᠢᠲᠠᠢ ᠬᠥᠮᠥᠨ᠎ᠳᠦ ᠳᠠᠮᠵᠢᠭᠤᠯᠤᠭ᠎ᠠ ᠦᠭᠡᠢ ᠴᠠᠭ᠎ᠲᠤ ᠪᠢ ᠦᠬᠦᠬᠦ ᠡᠷᠬᠡ ᠦᠭᠡᠢ᠃ ᠪᠢ ᠴᠢᠨᠢ ᠡᠬᠡ ᠣᠷᠤᠨ᠎ᠤ᠎ᠪᠠᠨ ᠳᠠᠭᠠᠭᠠᠯᠭᠠᠪᠣᠷᠢ ᠪᠠᠢᠳᠣᠭᠠᠢ ᠠᠩᠬᠢ᠎ᠶᠢᠨ᠎ᠢᠶᠡᠨ ᠲᠣᠭ᠎ᠢ ᠠᠮᠢ᠎ᠪᠠᠷ᠎ᠢᠶᠠᠨ ᠬᠠᠮᠠᠭᠠᠯᠠᠨ ᠪᠤᠰᠤᠭ᠎ᠠ᠎ᠪᠠᠷ᠎ᠢᠶᠠᠨ ᠨᠦᠭᠴᠢᠬᠦ ᠲᠠᠩᠭᠠᠷᠢᠭ᠋ ᠲᠠᠢ ᠬᠣᠪᠢᠰᠬᠠᠯᠴᠢ ᠤᠯᠠᠭᠠᠨ ᠴᠡᠷᠢᠭ᠎ᠦᠨ ᠣᠹᠢᠼᠧᠷ ᠬᠥᠮᠥᠨ ᠬᠡᠮᠡᠨ ᠪᠠᠲᠤ᠎ᠶᠢ ᠡᠬᠢ ᠵᠠᠬ᠎ᠠ ᠦᠭᠡᠢ ᠪᠣᠳᠤᠯ᠎ᠳᠤ᠎ᠪᠠᠨ ᠣᠷᠢᠶᠠᠴᠠᠯᠳᠤᠨ ᠭᠠᠷ᠎ᠢᠶᠠᠨ ᠳᠡᠷᠡᠯᠡᠨ ᠰᠠᠨᠠᠭᠠᠰᠢᠷᠠᠵᠤ ᠬᠡᠪᠲᠡᠬᠦ᠎ᠳᠦ ᠲᠡᠭᠦᠨ᠎ᠦ ᠬᠠᠵᠠᠭᠤ᠎ᠳᠤ ᠬᠠᠨ᠎ᠠ ᠲᠦᠰᠢᠨ ᠰᠠᠭᠤᠭᠰᠠᠨ ᠶᠡᠬᠡ ᠫᠤᠤ᠎ᠶᠢᠨ ᠴᠡᠷᠢᠭ ᠵᠠᠮᠰᠤ ᠲᠡᠭᠦᠨ᠎ᠡᠴᠡ ᠲᠤᠲᠠᠭᠤ ᠦᠭᠡᠢ ᠬᠡᠯᠬᠢᠶᠡᠰᠦ ᠨᠢ ᠳᠠᠰᠤᠷᠠᠭᠰᠠᠨ ᠪᠣᠳᠣᠯ᠎ᠳᠤ ᠠᠪᠲᠠᠨ ᠭᠠᠢᠬᠠᠰᠢ ᠲᠠᠰᠤᠷᠠᠨ ᠭᠠᠩᠰᠠᠷᠠᠵᠤ ᠰᠠᠭᠤᠯ᠎ᠠ᠃
    ᠶᠠᠭᠤ ᠭᠡᠪᠡᠯ ᠪᠠᠲᠤ ᠨᠢᠰᠭᠡᠭᠴᠢ ᠪᠥᠭᠡᠳ ᠳᠡᠰᠯᠡᠭᠴᠢ ᠴᠣᠯᠠ ᠲᠠᠢ ᠣᠹᠢᠼᠧᠷ ᠬᠥᠮᠥᠨ ᠪᠠᠢᠯ᠎ᠠ 《 ᠴᠢ ᠬᠠᠷ᠎ᠠ ᠲᠣᠯᠤᠭᠠᠢ ᠪᠣᠯ ᠡᠨᠳᠡ᠎ᠡᠴᠡ ᠠᠪᠴᠤ ᠭᠠᠷᠬᠤ᠎ᠶᠢ ᠪᠣᠳᠣ᠌᠃ ᠥᠨᠦᠴᠢᠨ ᠥᠷᠦᠭᠡᠰᠦᠨ ᠴᠤ᠌ ᠭᠡᠰᠡᠨ ᠡᠢᠮᠦ ᠨᠢᠯᠬ᠎ᠠ᠎ᠪᠠᠷ᠎ᠢᠶᠠᠨ ᠦᠬᠦᠬᠦ ᠭᠡᠵᠦ ᠶᠠᠭᠠᠷᠠᠬᠤ ᠬᠡᠷᠡᠭ ᠦᠭᠡᠢ᠃ ᠶᠠᠫᠤᠨᠴᠤᠳ᠎ᠲᠤ ᠬᠦᠴᠦᠨ ᠵᠢᠳᠭᠦᠶ᠎ᠡ ᠭᠡᠵᠦ ᠠᠮᠠ ᠥᠭ᠃ ᠠᠮᠢᠳᠤ ᠮᠡᠨᠳᠦ ᠶᠠᠪᠤᠪᠠᠯ ᠨᠤᠲᠤᠭ᠎ᠤᠨ᠎ᠢᠶᠠᠨ ᠰᠢᠷᠤᠢ ᠳᠡᠭᠡᠷ᠎ᠡ ᠬᠦᠯ ᠲᠠᠯᠪᠢᠬᠤ ᠬᠣᠪᠢ ᠵᠠᠶᠠᠭᠠᠨ ᠲᠣᠬᠢᠶᠠᠬᠤ ᠡᠳᠦᠷ ᠢᠷᠡᠵᠦ ᠶᠠᠭᠤ ᠮᠠᠭᠠᠳ᠃ ᠮᠢᠨᠤ ᠦᠭᠡᠨ᠎ᠳᠦ ᠡᠰᠡ ᠣᠷᠤᠪᠠᠯ ᠴᠢ ᠪᠢᠳᠡ ᠬᠣᠶᠠᠭᠤᠯᠠ᠎ᠪᠠᠨ ᠡᠨᠡ ᠭᠢᠨᠳᠠᠨ᠎ᠤ ᠮᠣᠬᠤᠷ᠎ᠲᠤ ᠨᠠᠷᠠ ᠦᠵᠡᠯ ᠦᠭᠡᠢ ᠦᠬᠦᠨ᠎ᠡ᠃ ᠡᠢᠮᠦ ᠪᠣᠯᠤᠯᠴᠠᠭ᠎ᠠ ᠴᠢᠮ᠎ᠠ᠎ᠳᠤ ᠣᠯᠳᠠᠬᠤ ᠦᠭᠡᠢ᠃ ᠰᠠᠮᠤᠷᠠᠢ ᠨᠠᠷ ᠬᠥᠮᠥᠨ ᠪᠥᠭᠦᠳᠡ᠎ᠶᠢ ᠮᠠᠨ᠎ᠤ᠎ᠳᠤ ᠬᠦᠴᠦᠨ ᠵᠢᠳᠬᠦ ᠭᠡᠵᠦ ᠭᠣᠶᠤᠳᠠᠭ ᠬᠥᠮᠥᠰ ᠪᠢᠰᠢ》 ᠬᠡᠮᠡᠨ ᠢᠳᠬᠠᠵᠠᠢ᠃ ᠪᠠᠲᠤ᠎ᠶᠢᠨ ᠡᠨᠡ ᠦᠭᠡ᠎ᠶᠢ ᠶᠠᠫᠤᠨ ᠬᠣᠷᠠᠩᠳᠠ ᠨᠠᠺᠠᠮᠤᠷᠠ ᠵᠠᠮᠰᠤ᠎ᠳᠤ ᠪᠠᠰᠠ ᠨᠢᠭᠡ ᠪᠣᠰᠤ ᠤᠳᠠᠭ᠎ᠠ ᠰᠠᠨᠠᠭᠤᠯᠤᠭᠰᠠᠨ᠃ ᠦᠴᠦᠭᠡᠳᠦᠷ ᠥᠷᠯᠥᠭᠡ ᠲᠡᠷᠡ ᠬᠣᠷᠠᠩᠳᠠ ᠵᠠᠮᠰᠤ᠎ᠶᠢ ᠥᠷᠦᠭᠡᠨ᠎ᠳᠦ᠎ᠪᠡᠨ ᠳᠠᠭᠤᠳᠠᠨ ᠠᠪᠠᠴᠢᠭᠠᠳ᠄
    《 ᠴᠢᠮ᠎ᠠ᠎ᠶᠢ ᠨᠤᠲᠤᠭ᠎ᠲᠤ᠎ᠪᠠᠨ ᠣᠷᠭᠤᠭᠠᠳ ᠣᠴᠢᠭ᠍ᠰᠠᠨ ᠴᠤ᠌ ᠲᠠᠨ᠎ᠤ ᠬᠢᠨ ᠥᠷᠦᠰᠢᠶᠡᠬᠦ ᠦᠭᠡᠢ᠃ ᠶᠠᠭᠠᠬᠢᠭᠠᠳ ᠭᠡᠪᠡᠯ ᠲᠠᠨ᠎ᠤ ᠴᠡᠷᠢᠭ᠎ᠦᠨ ᠬᠠᠤᠯᠢ᠎ᠳᠤ ᠥᠪᠡᠷ᠎ᠢ᠎ᠪᠡᠨ ᠤᠰᠠᠳᠬᠠᠯ ᠦᠭᠡᠢ ᠳᠠᠢᠰᠤᠨ᠎ᠳᠤ ᠠᠮᠢᠳᠤ᠎ᠪᠠᠷ᠎ᠢᠶᠠᠨ ᠣᠯᠵᠠᠯᠠᠭᠳᠠᠭᠰᠠᠨ ᠬᠥᠮᠥᠨ᠎ᠢ ᠡᠬᠡ ᠣᠷᠤᠨ᠎ᠠᠴᠠ᠎ᠪᠠᠨ ᠣᠷᠪᠠᠭᠰᠠᠨ᠎ᠳᠤ ᠲᠣᠭᠠᠴᠠᠳᠠᠭ᠃ ᠲᠡᠭᠡᠵᠦ ᠠᠯᠠᠭᠤᠯᠤᠭᠰᠠᠨ᠎ᠠᠴᠠ ᠶᠡᠬᠡ ᠨᠠᠷᠠᠨ ᠤᠯᠤᠰ᠎ᠤᠳ ᠢᠪᠡᠭᠡᠯ᠎ᠳᠦ ᠪᠠᠭᠲᠠᠨ ᠮᠣᠷᠢ ᠨᠣᠬᠠᠢ ᠮᠡᠲᠦ ᠦᠨᠡᠨᠴᠢ᠎ᠪᠡᠷ ᠬᠦᠴᠦᠨ ᠵᠢᠳᠭᠦᠪᠡᠯ ᠴᠢᠨᠦ ᠡᠮᠦᠨ᠎ᠡ ᠶᠡᠬᠡ ᠢᠷᠡᠭᠡᠳᠦᠢ ᠪᠣᠢ᠃ ᠡᠭᠦᠷᠭᠡ ᠭᠦᠢᠴᠡᠳᠬᠡᠭᠡᠳ ᠢᠷᠡᠭᠰᠡᠨ ᠬᠤᠢᠨ᠎ᠠ ᠡᠵᠡᠨ ᠬᠠᠭᠠᠨ᠎ᠤ ᠰᠠᠩ ᠬᠥᠮᠦᠷᠭᠡ᠎ᠡᠴᠡ ᠴᠢᠮ᠎ᠠ᠎ᠳᠤ ᠬᠣᠪᠢ ᠱᠠᠩ ᠬᠦᠷᠲᠡᠭᠡᠨ᠎ᠡ᠃ ᠮᠠᠨ᠎ᠤ ᠶᠠᠫᠤᠨ ᠬᠥᠮᠥᠨ᠎ᠦ ᠨᠢᠭᠡ ᠡᠷᠬᠢᠮ ᠴᠢᠨᠠᠷ ᠪᠣᠯ ᠢᠲᠡᠭᠡᠭᠰᠡᠨ ᠬᠥᠮᠥᠰ᠎ᠢᠶᠡᠨ ᠬᠥᠨᠳᠦᠳᠬᠡᠨ ᠬᠠᠢᠷᠠᠯᠠᠵᠤ᠂ ᠬᠡᠯᠡᠭᠰᠡᠨ ᠦᠭᠡᠨ᠎ᠳᠦ᠎ᠪᠡᠨ ᠬᠦᠷᠳᠡᠭ᠎ᠲᠦ ᠯᠡ ᠪᠠᠢᠭ᠎ᠠ ᠶᠤᠮ᠃ ᠡᠨᠡ ᠶᠢᠷᠳᠢᠨᠴᠤ ᠳᠡᠭᠡᠷ᠎ᠡ ᠬᠥᠮᠥᠨ᠎ᠳᠦ ᠠᠮᠢ ᠨᠠᠰᠤ ᠴᠤᠷ᠎ᠤᠨ ᠭᠠᠭᠴᠠᠬᠠᠨ ᠤᠳᠠᠭ᠎ᠠ ᠣᠯᠳᠠᠳᠠᠭ ᠶᠤᠮ ᠰᠢᠦ᠂ ᠰᠠᠢᠨ ᠪᠣᠳᠤᠭᠠᠷᠠᠢ! 》 ᠭᠡᠵᠦ ᠬᠡᠯᠡᠵᠦ ᠪᠢᠯᠡ᠃
    ᠵᠠᠮᠰᠤ᠎ᠶᠢᠨ ᠬᠣᠪᠢ᠎ᠳᠤ ᠭᠡᠪᠡᠯ ᠠᠮᠢ᠎ᠪᠠᠨ ᠬᠤᠤᠷᠯᠠᠵᠤ ᠵᠢᠷᠦᠬᠡᠯᠡᠯ ᠦᠭᠡᠢ᠂ ᠳᠠᠢᠰᠤᠨ᠎ᠳᠤ ᠭᠠᠷ ᠡᠷᠭᠦᠵᠤ ᠪᠠᠭᠤᠵᠤ ᠥᠭᠭᠦᠭᠡ ᠦᠭᠡᠢ᠃ ᠣᠯᠠᠨ ᠲᠠᠩᠺ᠎ᠢᠶᠠᠷ ᠳᠡᠮᠵᠢᠭᠦᠯᠦᠭᠰᠡᠨ ᠳᠠᠢᠰᠤᠨ᠎ᠤ ᠪᠦᠬᠦᠯᠢ ᠪᠦᠲᠦᠨ ᠬᠤᠷᠢᠶ᠎ᠠ ᠴᠡᠷᠢᠭ᠎ᠦᠨ ᠲᠣᠪᠲᠤᠯᠭᠠᠨ᠎ᠤ ᠡᠮᠦᠨ᠎ᠡ᠎ᠡᠴᠡ ᠶᠡᠬᠡ ᠫᠤᠤ᠎ᠶᠢᠨ ᠬᠡᠲᠦᠬᠡᠨ ᠰᠣᠮᠣ᠌ ᠦᠯᠡᠳᠡᠲᠡᠯ᠎ᠡ ᠪᠠᠭᠠᠲᠤᠷᠯᠢᠭ᠋᠎ᠢᠶᠠᠷ ᠲᠣᠯᠤᠯᠳᠤᠵᠤ᠂ ᠨᠢᠭᠡ ᠮᠡᠳᠡᠬᠦᠯ᠎ᠡ ᠵᠠᠮᠰᠤ ᠬᠠᠮᠤᠭ ᠨᠥᠬᠦᠳ᠎ᠢᠶᠡᠨ ᠠᠯᠠᠭᠤᠯᠤᠭᠠᠳ ᠭᠠᠪ ᠭᠠᠭᠴᠠᠭᠠᠷ ᠦᠯᠡᠳᠡᠭᠰᠡᠨ ᠪᠠᠢᠵᠤ ᠪᠢᠯᠡ᠃ ᠠᠮᠠ᠎ᠪᠠᠷ᠎ᠢᠶᠠᠨ ᠰᠢᠷᠤᠢ ᠭᠤᠲᠤᠷᠤᠨ ᠣᠩᠬᠤᠯᠢᠳᠤᠭᠰᠠᠨ ᠶᠡᠬᠡ ᠫᠤᠤ᠂ ᠴᠢᠰᠤᠨ᠎ᠳᠤ᠎ᠪᠠᠨ ᠬᠤᠳᠬᠤᠯᠳᠤᠨ ᠡᠨᠳᠡ ᠲᠡᠨᠳᠡ ᠦᠭᠡᠢ ᠤᠨᠳᠤᠢ ᠰᠤᠨᠳᠤᠢ ᠤᠨᠠᠭᠰᠠᠨ ᠨᠥᠬᠦᠳ᠂ ᠣᠳᠣ᠌ ᠴᠢ ᠪᠢᠳᠡᠨ᠎ᠦ ᠭᠠᠷ᠎ᠲᠤ ᠣᠷᠤᠬᠤ ᠦᠭᠡᠢ ᠬᠠᠮᠢᠭ᠎ᠠ ᠣᠴᠢᠬᠤ ᠪᠣᠢ ᠭᠡᠰᠡᠨ ᠰᠢᠭ᠌ ᠡᠯᠡᠭ ᠪᠠᠷᠢᠭ᠍ᠰᠠᠨ ᠶᠠᠩᠵᠤᠲᠠᠢ ᠪᠡᠶ᠎ᠡ᠎ᠪᠡᠨ ᠬᠠᠯᠬᠠᠯᠠᠯ ᠦᠭᠡᠢ ᠢᠯᠡ ᠵᠠᠳᠠᠭᠠᠢ ᠳᠠᠪᠰᠢᠨ ᠢᠷᠡᠵᠦ ᠪᠠᠢᠭ᠎ᠠ ᠤᠷᠢ ᠣᠯᠠᠨ ᠰᠠᠮᠤᠷᠠᠢ᠂ ᠰᠢᠷᠤᠢ ᠮᠠᠨᠠᠨ ᠲᠠᠲᠠᠭᠤᠯᠤᠭᠰᠠᠭᠠᠷ ᠭᠢᠨᠵᠢ᠎ᠪᠡᠨ ᠬᠠᠷᠴᠢᠬᠢᠨᠠᠭᠤᠯᠤᠨ ᠬᠠᠷ᠎ᠠ ᠤᠲᠤᠭ᠎ᠠ ᠬᠠᠶᠠᠨ ᠠᠢᠰᠤᠢ ᠭᠤᠷᠪᠡᠨ ᠲᠣᠮᠣ᠌ ᠲᠠᠩᠺ᠎ᠢ ᠬᠠᠷᠠᠭᠠᠳ ᠵᠠᠮᠰᠤ ᠠᠶᠤᠵᠤ ᠰᠦᠷᠳᠡᠬᠦ᠎ᠶᠢᠨ ᠣᠷᠤᠨ᠎ᠳᠤ ᠬᠠᠷᠢᠨ ᠴᠤ᠌ ᠣᠯᠠᠮ ᠤᠯᠠᠩᠭᠠᠰᠤᠨ ( ᠭᠠᠯᠵᠠᠭᠤᠷᠠᠬᠤ)᠂ ᠬᠣᠶᠠᠷ ᠬᠥᠮᠥᠨ᠎ᠡᠴᠡ ᠲᠤᠳᠠᠭᠤ ᠦᠭᠡᠢ ᠭᠠᠢᠬᠠᠯᠲᠠᠢ ᠬᠤᠷᠳᠤᠨ᠎ᠢᠶᠠᠷ ᠶᠡᠬᠡ ᠫᠤᠤ᠎ᠪᠠᠨ ᠰᠣᠮᠣᠯᠠᠨ ᠬᠠᠮᠤᠭ᠎ᠤᠨ ᠨᠠᠭᠠᠲᠤ ᠲᠠᠯ᠎ᠠ᠎ᠶᠢᠨ ᠮᠠᠰᠢᠨ᠎ᠢ ᠢᠯᠡ ᠬᠠᠷᠠᠭ᠎ᠠ᠎ᠪᠠᠷ ᠱᠠᠭᠠᠢᠵᠤ ᠲᠣᠬᠢᠷᠠᠭᠤᠯᠤᠭᠠᠳ ᠭᠣᠬ᠎ᠠ᠎ᠪᠠᠨ ᠳᠤᠭᠲᠤᠷᠪᠠ᠃ ᠭᠠᠭᠴᠠ ᠬᠥᠮᠥᠨ᠎ᠢ ᠢᠯᠡᠷᠬᠡᠢ ᠡᠯᠡᠭ ᠪᠠᠷᠢᠨ ᠶᠡᠬᠡ ᠫᠤᠤ᠎ᠶᠢᠨ ᠴᠠᠮᠬᠠᠭ᠎ᠢᠶᠠᠨ ᠣᠩᠭᠤᠢᠯᠭᠠᠨ ᠰᠦᠷᠳᠡᠭᠦᠯᠵᠦ ᠭᠠᠷ ᠫᠦᠯᠧᠮᠶᠣᠲ᠎ᠢᠶᠠᠷ ᠲᠡᠭᠦᠨ᠎ᠦ ᠲᠣᠯᠣᠭᠠᠢ ᠳᠡᠭᠡᠭᠦᠷ ᠬᠡᠢ ᠰᠦᠷᠴᠢᠨ ᠢᠷᠡᠵᠤ ᠶᠠᠪᠤᠭᠰᠠᠨ ᠲᠠᠩᠺ᠎ᠠᠴᠠ ᠭᠡᠨᠡᠳᠲᠡ ᠬᠠᠷ᠎ᠠ ᠤᠲᠤᠭ᠎ᠠ ᠣᠯᠭᠣᠢᠳᠠᠨ ᠳᠣᠣᠷ᠎ᠠ᠎ᠪᠠᠨ ᠣᠭᠵᠤᠮ ᠵᠤᠭ ᠲᠣᠰᠣᠭᠰᠠᠨ᠎ᠢᠶᠠᠨ ᠭᠠᠯ ᠳᠦᠷᠡᠯᠵᠡᠨ ᠰᠢᠲᠠᠯ᠎ᠠ᠃
    ᠵᠠᠢᠯᠠᠰᠢ ᠦᠭᠡᠢ ᠦᠬᠦᠯ ᠲᠠᠢ ᠤᠯᠠᠭᠠᠨ ᠨᠢᠭᠤᠷ᠎ᠢᠶᠠᠷ᠎ᠢᠶᠠᠨ ᠲᠣᠯᠭᠠᠷᠠᠭᠰᠠᠨ ᠬᠥᠮᠥᠨ᠎ᠳᠦ ᠠᠶᠣᠮᠰᠢᠭ᠋ ᠲᠠᠢ ᠶᠠᠭᠤᠮ᠎ᠠ ᠨᠢᠭᠡᠬᠡᠨ᠎ᠢᠶᠡᠷ ᠦᠭᠡᠢ ᠪᠣᠯᠳᠠᠭ᠎ᠢ ᠵᠠᠮᠰᠤ ᠲᠡᠷᠡᠬᠡᠨ ᠮᠦᠴᠡ᠎ᠳᠦ ᠥᠪᠡᠷ᠎ᠦᠨ ᠪᠡᠶ᠎ᠡ᠎ᠪᠡᠷ ᠦᠵᠡᠨ ᠫᠣᠣ ᠲᠡᠪᠡᠷᠢ ᠪᠦᠳᠦᠭᠦᠨ ᠬᠥᠨᠳᠦ ᠰᠣᠮᠣ᠌᠎ᠶᠢ ᠬᠡᠷᠴᠢᠮ ᠳᠦᠯᠡᠭᠡᠨ᠎ᠦ ᠲᠡᠳᠦᠢ ᠪᠣᠳᠣᠯ ᠦᠭᠡᠢ᠂ ᠶᠡᠷᠦ ᠡᠭᠦᠷᠲᠦᠭᠰᠡᠨ ( ᠳᠠᠭᠠᠵᠤ ᠶᠠᠳᠠᠭᠰᠠᠨ) ᠰᠢᠨᠵᠢ ᠦᠭᠡᠢ ᠲᠡᠪᠡᠷᠢᠨ ᠭᠦᠶᠦᠵᠦ ᠶᠠᠪᠤᠯ᠎ᠠ᠃ ᠵᠠᠮᠰᠤ ᠤᠢᠷᠠᠬᠠᠨ ᠰᠠᠭᠠᠬᠠᠯᠲᠠ᠎ᠶᠢᠨ ᠲᠡᠳᠦᠢ ᠭᠠᠵᠠᠷ ᠢᠷᠡᠵᠤ ᠶᠠᠪᠤᠭ᠎ᠠ ᠲᠠᠩᠺ ᠬᠠᠷᠠᠭ᠎ᠠ᠎ᠪᠠᠨ ᠲᠣᠬᠢᠷᠠᠭᠤᠯᠬᠤ᠎ᠪᠠᠷ ᠫᠤᠤ᠎ᠶᠢᠨ᠎ᠢᠶᠡᠨ ᠱᠠᠭᠠᠢᠪᠴᠢ ᠤᠷᠤᠭᠤ ᠲᠣᠩᠭᠤᠢᠲᠠᠯ᠎ᠠ ᠨᠢᠭᠤᠷ ᠳᠡᠭᠡᠷ᠎ᠡ ᠨᠢ ᠴᠦᠢᠳᠡᠩ ᠵᠣᠷᠠᠬᠤ ᠰᠢᠭ᠋ ᠪᠣᠯᠵᠤ ᠲᠠᠰᠤᠷᠠᠯᠲᠠ᠎ᠶᠢᠨ ᠴᠢᠬᠢ ᠲᠦᠭᠵᠢᠷᠡᠮ᠎ᠡ ᠶᠡᠬᠡ ᠴᠢᠮᠡᠭᠡᠨ᠎ᠳᠦ ᠭᠠᠵᠠᠷ ᠲᠡᠭᠷᠢ ᠬᠥᠮᠦᠷᠢᠴᠢᠬᠡᠬᠦ ᠰᠢᠭ᠌ ᠰᠠᠨᠠᠭᠳᠠᠵᠠᠢ᠃ ᠳᠡᠯᠪᠡᠷᠡᠯᠲᠡ᠎ᠶᠢᠨ ᠰᠢᠷᠣᠢ᠎ᠳᠤ ᠳᠠᠷᠤᠭᠤᠯᠤᠨ ᠪᠢᠲᠡᠬᠦᠦ ᠪᠡᠷᠲᠡᠭᠡᠳ ( ᠳᠣᠲᠤᠷ ᠰᠢᠷᠬ᠎ᠠ ᠣᠯᠤᠭᠠᠳ) ᠲᠦᠩᠭᠡᠵᠤ ᠠᠮᠢ ᠲᠠᠢ ᠳᠡᠳᠦᠢ ᠪᠠᠢᠭ᠍ᠰᠠᠨ ᠲᠡᠭᠦᠨ᠎ᠢ 《 ᠠᠮᠢᠳᠤ ᠬᠡᠯᠡ》 ᠪᠣᠯᠭᠠᠬᠤ᠎ᠪᠠᠷ ᠰᠠᠮᠤᠷᠠᠢ ᠨᠠᠷ ᠠᠷᠤ ᠲᠡᠢᠰᠢ᠎ᠪᠡᠨ ᠬᠦᠷᠭᠡᠭᠦᠯᠵᠠᠢ᠃
    ᠬᠡᠳᠦ ᠬᠣᠨᠣᠭ᠎ᠤᠨ ᠳᠠᠷᠠᠭ᠎ᠠ ᠲᠡᠷᠡ ᠱᠣᠷᠣᠩ᠎ᠤᠨ ᠡᠨᠡ ᠳᠠᠪᠴᠢᠭᠤᠬᠠᠨ ᠥᠷᠦᠭᠡᠨ᠎ᠳᠦ ᠪᠦᠦᠷ ᠲᠦᠦᠷᠬᠡᠨ ᠤᠬᠠᠭᠠᠨ ᠣᠷᠤᠨ ᠲᠠᠮᠢᠷ ᠮᠠᠭᠤᠲᠠᠢᠬᠠᠨ ᠡᠮᠵᠡᠭᠯᠡᠨ ᠶᠤᠤᠯᠠᠬᠤ᠎ᠳᠤ᠎ᠪᠠᠨ ᠥᠪᠡᠷ᠎ᠦᠨ᠎ᠢᠶᠡᠨ ᠳᠠᠭᠤ᠎ᠶᠢ ᠲᠠᠨᠢᠨ᠂ ᠠᠮᠢᠳᠤ ᠦᠯᠡᠳᠡᠭᠰᠡᠨ᠎ᠳᠦ᠎ᠪᠡᠨ ᠳᠠᠬᠢᠨ ᠲᠥᠷᠦᠭᠰᠡᠨ᠎ᠡᠴᠡ ᠲᠤᠲᠠᠭᠤ ᠦᠭᠡᠢ ᠪᠠᠶᠠᠷᠯᠠᠵᠤ ᠪᠢᠯᠡ᠃ ᠬᠠᠵᠠᠭᠠᠢ ᠮᠤᠷᠤᠢ ᠮᠣᠩᠭᠣᠯ ᠬᠡᠯᠡ ᠲᠠᠢ ᠬᠥᠮᠥᠨ᠄
    《 ᠲᠠ ᠤᠬᠠᠭᠠᠨ ᠣᠷᠤᠭᠰᠠᠨ᠃ ᠣᠳᠣ᠌ ᠤᠳᠠᠬᠤ ᠦᠭᠡᠢ ᠡᠷᠡᠭᠦᠯ ᠪᠣᠯᠤᠨ᠎ᠠ》 ᠭᠡᠵᠦ ᠬᠡᠯᠡᠬᠦ᠎ᠶᠢ ᠠᠩᠬ᠎ᠠ ᠰᠣᠨᠤᠰᠤᠭᠠᠳ ᠬᠡᠯᠡ ᠠᠮᠠ᠎ᠪᠠᠨ ᠠᠷᠠᠢ ᠶᠠᠳᠠᠨ ᠡᠪᠯᠡᠭᠦᠯᠵᠦ᠄
    《 ᠪᠢ ᠬᠠᠮᠢᠭ᠎ᠠ ᠢᠷᠠᠭᠡᠳ ᠪᠠᠢᠪᠠ ᠪᠣᠢ?》 ᠭᠡᠵᠦ ᠠᠰᠠᠭᠤᠪᠠᠯ ᠴᠠᠭᠠᠲᠤ ᠬᠥᠮᠥᠨ ᠡᠭᠡᠷᠡᠵᠦ ᠲᠥᠭᠳᠡᠷᠡᠨ᠄
    《 ᠲᠠ ᠶᠡᠬᠡ ᠨᠠᠷᠠᠨ ᠤᠯᠤᠰ᠎ᠤᠨ ᠢᠪᠡᠭᠡᠯ ᠳᠣᠣᠷ᠎ᠠ ᠣᠷᠤᠭᠰᠠᠨ》 ᠬᠡᠮᠡᠨ ᠬᠠᠷᠢᠭᠤ ᠬᠡᠯᠡᠬᠦ᠎ᠶᠢ ᠳᠤᠭᠤᠯᠤᠭᠠᠳ ᠭᠡᠨᠡᠳᠲᠡ ᠴᠣᠴᠢᠨ ᠨᠢᠳᠦ᠎ᠪᠡᠨ ᠨᠡᠬᠡᠭᠡᠨ ᠬᠠᠷᠠᠪᠠᠯ ᠶᠠᠰᠤᠴᠢᠨ ( ᠡᠴᠡᠩᠬᠡᠢ) ᠶᠤᠮ ᠦᠦ᠂ ᠠᠪᠰᠠᠴᠢᠨ ( ᠠᠪᠰᠠᠨ᠎ᠳᠤ ᠣᠷᠤᠭᠰᠠᠨ ᠬᠥᠮᠥᠨ) ᠯᠡ ᠡᠢᠮᠦ ᠪᠠᠢᠳᠠᠭ ᠪᠠᠢᠬᠤ ᠭᠡᠵᠦ ᠪᠣᠳᠤᠭᠳᠠᠮᠠᠷ ᠬᠠᠪ ᠬᠠᠷ᠎ᠠ ᠴᠢᠷᠠᠢ ᠲᠠᠢ᠂ ᠨᠣᠣᠷᠠᠩᠬᠠᠢ ᠬᠣᠪᠴᠠᠰᠤ ᠲᠠᠢ ᠬᠠᠲᠠᠩᠬᠢᠷ ( ᠡᠴᠡᠩᠬᠡᠢ) ᠬᠥᠬᠡ ᠡᠪᠦᠭᠡᠨ ᠨᠢᠳᠦᠨ᠎ᠳᠦ ᠨᠢ ᠲᠤᠰᠴᠠᠢ᠃ ᠵᠠᠮᠰᠤ ᠭᠠᠷ᠎ᠢᠶᠠᠨ ᠠᠯᠳᠠᠯᠠᠨ ᠳᠡᠷᠡᠯᠡᠭᠡᠳ ᠠᠳᠠᠭᠠᠷ ᠰᠢᠷᠲᠡᠨ ᠬᠡᠪᠲᠡᠵᠦ ᠪᠠᠢᠬᠤ᠎ᠳᠤ᠎ᠪᠠᠨ ᠡᠢᠨ ᠬᠦ᠌ ᠰᠡᠭᠦᠯᠴᠢ᠎ᠶᠢᠨ ᠲᠤᠯᠤᠯᠳᠤᠭᠠᠨ᠎ᠤ ᠲᠤᠬᠠᠢ ᠪᠣᠳᠤᠵᠤ ᠪᠠᠢᠵᠠᠢ᠃
    ᠮᠥᠷᠳᠡᠨ ᠪᠠᠢᠴᠠᠭᠠᠯᠲᠠ᠎ᠳᠤ ᠥᠴᠢᠭ ᠬᠤᠳᠠᠯ ᠥᠭᠭᠦᠭᠰᠡᠨ᠎ᠦ᠎ᠪᠡᠨ ᠱᠠᠩ ᠬᠦᠷᠲᠡᠨ ᠭᠢᠨᠳᠠᠨ᠎ᠤ ᠬᠠᠷᠬᠢᠰ ᠳᠣᠭ᠍ᠰᠢᠨ ᠬᠣᠶᠠᠭ ᠲᠠᠬᠠᠷ ( ᠰᠤᠯᠠ ᠴᠡᠷᠢᠭ) ᠨᠠᠷ᠎ᠤᠨ ᠬᠢᠷᠤᠮᠴᠠᠭ ( ᠬᠡᠷᠴᠢᠵᠦ ᠢᠳᠡᠬᠦ᠎ᠪᠡᠷ ᠪᠡᠯᠡᠳᠬᠡᠵᠦ ᠭᠦᠵᠡᠭᠡᠯᠡᠵᠦ ᠬᠥᠯᠳᠠᠭᠡᠭᠰᠡᠨ ᠮᠠᠯ᠎ᠤᠨ ᠳᠣᠲᠣᠷ) ᠪᠣᠯᠲᠠᠯ᠎ᠠ᠎ᠪᠠᠨ ᠨᠦᠳᠦᠭᠦᠯᠦᠨ ᠨᠢᠭᠤᠷ ᠠᠮᠠ ᠨᠢ ᠬᠥᠬᠡ ᠠᠯᠠᠭ ᠪᠣᠯᠤᠭᠰᠠᠨ ᠪᠠᠲᠤ ᠭᠠᠷᠬᠤ ᠨᠥᠬᠡ ᠰᠦᠪᠡ ᠬᠠᠢᠬᠤ ᠮᠡᠲᠦ ᠲᠠᠭᠠᠵᠠ ᠱᠠᠯᠠ ᠬᠣᠶᠠᠷ᠎ᠢ ᠡᠭᠡᠯᠵᠢᠯᠡᠨ ᠬᠠᠷᠠᠭᠰᠠᠨ᠎ᠢᠶᠠᠨ᠄
    《 ᠴᠢᠰᠤ ᠲᠠᠰᠤᠷᠠᠭ᠎ᠠ ᠦᠭᠡᠢ ᠰᠠᠨ ᠪᠣᠯ ᠡᠷ᠎ᠡ ᠶᠠᠭᠠᠬᠢᠵᠤ ᠣᠷᠭᠤᠳᠠᠭ᠎ᠢ ᠡᠨᠡ ᠮᠠᠭᠤᠰᠠᠢᠨ ᠶᠠᠫᠤᠨᠴᠤᠳ᠎ᠲᠤ ᠨᠢᠭᠡ ᠦᠵᠡᠭᠦᠯᠬᠦ ᠰᠠᠨ ᠶᠤᠮ᠃
    ᠪᠢ ᠨᠢᠰᠴᠦ ᠪᠠᠢᠬᠤ᠎ᠳᠤ᠎ᠪᠠᠨ ᠳᠠᠢᠰᠤᠨ᠎ᠤ ᠣᠩᠭᠤᠴᠠᠨ᠎ᠤ ᠬᠡᠭᠡᠷ᠎ᠡ᠎ᠶᠢᠨ ᠪᠠᠭᠤᠳᠠᠯ᠂ ᠵᠡᠪᠰᠡᠭ᠂ ᠲᠸᠭ᠌ᠨᠢᠭ᠌᠂ ᠠᠮᠢᠳᠤ ᠬᠦᠴᠦ᠂ ᠰᠢᠲᠠᠬᠤᠨ᠎ᠤ ᠠᠭᠤᠯᠬᠤ᠎ᠶᠢ ᠯᠡ ᠢᠯᠡᠷᠡᠭᠦᠯᠦᠨ ᠪᠥᠮᠪᠦᠭᠡᠳᠡᠵᠦ ᠶᠠᠪᠤᠭᠰᠠᠨ᠎ᠠᠴᠠ ᠪᠢᠰᠢ ᠱᠣᠷᠣᠩ ᠭᠡᠵᠦ ᠡᠢᠮᠦ ᠠᠮᠢᠳᠤ ᠲᠠᠮᠤ ᠪᠠᠢᠳᠠᠭ ᠭᠡᠵᠦ ᠵᠡᠭᠦᠳᠦᠯᠡᠭᠰᠡᠨ ᠦᠭᠡᠢ ᠶᠠᠪᠤᠵᠠᠢ᠃ ᠣᠳᠣ᠌ ᠢᠩᠬᠢᠭᠡᠳ ᠦᠬᠦᠯ᠎ᠢᠶᠡᠨ ᠬᠦᠯᠢᠶᠡᠭᠡᠳ ᠠᠯᠳᠠ ᠳᠠᠯᠢᠮ ᠰᠠᠨᠠᠭ᠎ᠠ ᠠᠯᠳᠠᠭᠠᠳ ᠬᠡᠪᠲᠡᠵᠦ ᠪᠠᠢᠬᠤ᠎ᠠᠴᠠ》 ᠭᠡᠵᠦ ᠦᠬᠦᠯᠡᠲᠡᠯ᠎ᠡ ᠬᠠᠭᠠᠯᠭᠠᠨ᠎ᠤ ᠴᠣᠣᠵᠢ ᠬᠠᠷᠴᠢᠬᠢᠨᠠᠨ ᠬᠡᠯᠬᠢᠶᠡᠰᠦᠲᠡᠢ ᠣᠯᠠᠨ ᠲᠦᠯᠬᠢᠭᠦᠷ ᠳᠤᠤᠭᠠᠷᠤᠭᠰᠠᠨ᠎ᠢᠶᠠᠨ ᠡᠭᠦᠳᠡ ᠰᠢᠨᠠᠯᠭᠠᠲᠠᠢ ᠴᠢᠬᠠᠷᠠᠨ ᠨᠡᠬᠡᠭᠡᠭᠳᠡᠬᠦ᠎ᠳᠦ ᠬᠤᠶᠠᠭ᠎ᠤᠨ ᠲᠣᠯᠤᠭᠠᠢ᠎ᠠᠴᠠ ᠲᠥᠷᠦᠭᠦᠯᠡᠵᠦ ᠬᠤᠩᠬᠢᠯ᠎ᠤᠨ ᠴᠢᠳ᠋ᠸᠩ ( ᠴᠠᠬᠢᠯᠭᠠᠨ ᠳ᠋ᠸᠩ)᠎ᠦᠨ ᠬᠤᠷᠴᠠ ᠭᠡᠷᠡᠯ ᠬᠠᠷᠠᠩᠭᠤᠢ᠎ᠶᠢ ᠬᠠᠭᠠᠨ ᠢᠷᠠᠨ ᠬᠢᠯᠠᠰᠬᠢᠨ ᠣᠷᠤᠵᠤ ᠢᠷᠡᠯ᠎ᠡ᠃
    ᠬᠣᠶᠠᠷ ᠬᠣᠷᠢᠭ᠍ᠳᠠᠯ ᠬᠤᠷᠴᠠ ᠭᠡᠷᠡᠯ᠎ᠳᠦ ᠬᠢᠯᠪᠠᠭᠰᠠᠨ ᠨᠢᠳᠦ᠎ᠪᠡᠨ ᠠᠨᠢᠪᠴᠢᠨ ᠭᠢᠨᠳᠠᠨ᠎ᠤ ᠳᠦᠷᠢᠮ ᠶᠣᠰᠤ᠎ᠪᠠᠷ ᠭᠠᠷ᠎ᠢᠶᠠᠨ ᠲᠣᠯᠤᠭᠠᠢ᠎ᠶᠢᠨ᠎ᠢᠶᠡᠨ ᠠᠷᠤ᠎ᠳᠤ ᠵᠥᠷᠢᠭᠦᠯᠡᠨ ᠪᠣᠰᠴᠤ ᠪᠤᠷᠤᠭᠤ ᠬᠠᠷᠠᠨ ᠵᠣᠭᠰᠤᠪᠠ᠃ ᠲᠡᠷᠡ ᠬᠣᠶᠠᠷ᠎ᠤᠨ ᠠᠷᠤ᠎ᠳᠤ᠄
    《 ᠵᠠᠮᠰᠤ ᠭᠠᠷᠤᠭᠠᠳ ᠢᠷ᠎ᠡ》 ᠭᠡᠵᠦ ᠨᠢᠭᠡ ᠬᠥᠮᠥᠨ ᠬᠠᠰᠬᠢᠷᠤᠯ᠎ᠠ᠃ ᠡᠨᠡᠦᠬᠡᠨ ᠭᠱᠠᠨ᠎ᠳᠤ 《 ᠴᠢ ᠣᠳᠣ᠌ ᠶᠠᠫᠤᠨᠴᠤᠳ᠎ᠲᠤ ᠶᠡᠬᠡ ᠨᠠᠷᠠᠨ ᠤᠯᠤᠰ᠎ᠤᠨ ᠲᠥᠯᠦᠭᠡ ᠬᠦᠴᠦᠨ ᠵᠢᠳᠭᠦᠶ᠎ᠡ ᠭᠡᠵᠦ ᠵᠠᠪᠠᠯ ᠠᠮᠠ ᠥᠭᠭᠦᠭᠡᠷᠡᠢ》 ᠭᠡᠵᠦ ᠥᠭᠡᠳᠡ᠎ᠡᠴᠡ ᠨᠢ ᠬᠠᠷᠠᠭᠰᠠᠨ ᠵᠠᠮᠰᠤ᠎ᠳᠤ ᠪᠠᠲᠤ ᠨᠢᠳᠦ᠎ᠪᠡᠷ᠎ᠢᠶᠡᠨ ᠳᠠᠬᠢᠨ ᠬᠡᠯᠡᠨ᠎ᠡ᠃
    ᠵᠠᠮᠰᠤ᠁ ᠠᠯᠢ ᠲᠠᠯ᠎ᠠ᠎ᠪᠠᠷ ᠪᠣᠳᠤᠭᠰᠠᠨ ᠴᠤ᠌ ᠮᠠᠭᠤ ᠬᠥᠮᠥᠨ ᠪᠢᠰᠢ᠃ ᠭᠡᠳᠡᠯ᠎ᠡ ᠪᠢ ᠶᠠᠭᠠᠬᠢᠭᠠᠳ ᠣᠳᠣ᠌ ᠬᠦᠷᠲᠡᠯ᠎ᠡ ᠲᠡᠭᠦᠨ᠎ᠳᠦ ᠢᠲᠡᠭᠡᠭᠡ ᠦᠭᠡᠢ ᠰᠠᠨ ᠪᠢᠯᠡ ᠭᠡᠵᠦ ᠪᠠᠲᠤ ᠥᠪᠡᠷ᠎ᠡᠴᠡ᠎ᠪᠡᠨ ᠠᠰᠠᠭᠤᠭᠠᠳ ᠬᠠᠷᠢᠭᠤᠯᠵᠤ ᠡᠰᠡ ᠴᠢᠳᠠᠪᠠ᠃ ᠴᠢᠮ᠎ᠠ᠎ᠳᠤ ᠵᠠᠮᠰᠤ᠎ᠠᠴᠠ ᠦᠭᠡᠷ᠎ᠡ ᠢᠲᠡᠭᠡᠯ ᠲᠠᠢ ᠬᠥᠮᠥᠨ᠂ ᠳᠠᠬᠢᠨ ᠡᠢᠮᠦ ᠪᠣᠯᠤᠮᠵᠢ ᠣᠯᠳᠠᠬᠤ ᠦᠭᠡᠢ ᠰᠢᠦ ᠭᠡᠵᠦ ᠨᠢᠭᠡᠨ ᠬᠥᠮᠥᠨ ᠲᠡᠭᠦᠨ᠎ᠦ ᠬᠠᠴᠡᠷ᠎ᠢ ᠬᠠᠯᠠᠭᠤᠨ ᠠᠮᠢᠰᠬᠤᠯ᠎ᠢᠶᠠᠷ᠎ᠢᠶᠠᠨ ᠱᠦᠷᠭᠦᠭᠡᠨ ᠴᠢᠬᠢᠨ᠎ᠳᠦ ᠨᠢ ᠰᠢᠪᠡᠨᠡᠬᠦ ᠰᠢᠭ᠌ ᠰᠠᠨᠠᠭᠳᠠᠯ᠎ᠠ᠃
    ᠦᠳᠡᠰᠢ᠎ᠶᠢᠨ ᠪᠦᠷᠦᠩᠬᠦᠢ ᠭᠢᠨᠳᠠᠨ᠎ᠤ ᠬᠠᠨ᠎ᠠ᠎ᠶᠢ ᠳᠠᠭᠠᠨ ᠮᠤᠤᠷ ᠮᠢᠭᠤᠢ ᠠᠳᠠᠯᠢ ᠭᠡᠲᠡᠨ ᠳᠣᠭᠤᠭᠰᠢᠯᠠᠬᠤ ᠪᠦᠷᠢ ᠪᠠᠲᠤ᠎ᠶᠢᠨ ᠳᠣᠲᠤᠷ᠎ᠠ ᠪᠠᠴᠢᠮᠳᠠᠨ ᠬᠠᠷᠠᠩᠭᠤᠢᠯᠠᠬᠤ ᠪᠦᠭᠡᠳ ᠵᠠᠮᠰᠤ ᠲᠠᠢ ᠳᠠᠬᠢᠨ ᠬᠡᠵᠢᠶ᠎ᠡ ᠴᠤ᠌ ᠠᠭᠤᠯᠵᠠᠬᠤ ᠦᠭᠡᠢ ᠪᠣᠯᠤᠭᠰᠠᠨ ᠶᠤᠮ ᠪᠢᠰᠢ ᠪᠠᠢᠬᠤ ᠡ ᠭᠡᠰᠡᠨ ᠠᠶᠤᠳᠠᠰᠤ ᠬᠠᠷᠠᠰᠠᠯ ᠬᠣᠶᠠᠷ ᠴᠡᠭᠡᠵᠢ᠎ᠶᠢ ᠨᠢ ᠬᠤᠷᠴᠠ ᠲᠡᠮᠦᠷ ᠬᠢᠮᠤᠰᠤ᠎ᠪᠠᠷ ᠮᠠᠭᠠᠵᠢᠬᠤ ᠰᠢᠭ᠋ ᠪᠣᠯᠤᠨ᠎ᠠ᠃ ᠵᠠᠮᠰᠤ ᠰᠦᠨᠢ ᠳᠦᠯᠢ ᠪᠣᠯᠤᠭᠰᠠᠨ ᠬᠣᠢᠨ᠎ᠠ ᠤᠰᠤᠷᠬᠠᠭ ᠪᠣᠷᠤᠭᠠᠨ᠎ᠳᠤ ᠱᠠᠯᠠᠪ ᠴᠣᠬᠢᠭᠤᠯᠤᠨ ᠤᠰᠤᠭᠤᠭᠰᠠᠨ ᠬᠥᠮᠥᠨ ᠰᠢᠭ᠌ ᠬᠣᠶᠠᠷ ᠭᠤᠲᠤᠯ᠎ᠢᠶᠠᠨ ᠳᠠᠭᠠᠭᠠᠵᠤ ᠶᠠᠳᠠᠭᠰᠠᠨ᠂ ᠬᠠᠴᠢᠨ ᠵᠢᠰᠦ ᠴᠢᠷᠠᠢ ᠲᠠᠢ ᠠᠮᠢᠲᠠᠨ ᠪᠣᠴᠠᠵᠤ ᠢᠷᠡᠪᠡ᠃ ᠲᠡᠷᠡ ᠠᠲᠠᠷ᠎ᠲᠤ ᠳᠡᠭᠦᠵᠢᠯᠡᠭᠡᠰᠦᠲᠡᠢ ᠴᠢᠳ᠋ᠸᠩ᠎ᠦᠨ ᠪᠦᠳᠡᠬᠢ ᠭᠡᠷᠡᠯ᠎ᠳᠦ ᠪᠦᠳᠦᠴᠢᠨ ᠪᠠᠢᠵᠤ᠂ ᠳᠠᠭᠠᠭᠠᠵᠤ ᠲᠡᠪᠡᠰᠢ ᠦᠭᠡᠢ ᠬᠡᠷᠡᠭ ᠬᠢᠴᠢᠬᠡᠭᠰᠡᠨ ᠬᠥᠮᠥᠨ᠎ᠦ ᠦᠬᠡᠨᠴᠡ ᠳᠣᠷᠤᠢ ᠳᠠᠭᠤ᠎ᠪᠠᠷ ᠡᠭ ᠮᠠᠭ ᠬᠢᠨ᠄
    《 ᠪᠢ ᠶᠠᠫᠤᠨᠴᠤᠳ ᠲᠠᠢ ᠲᠣᠬᠢᠷᠠᠯᠴᠠᠭᠰᠠᠨ᠃ ᠶᠡᠬᠡ ᠨᠠᠷᠠᠨ ᠤᠯᠤᠰ᠎ᠤᠨ ᠲᠥᠯᠦᠭᠡ ᠵᠢᠳᠭᠦᠶ᠎ᠡ ᠭᠡᠵᠦ ᠠᠮᠠ ᠥᠭᠭᠦᠭᠰᠡᠨ》 ᠭᠡᠰᠡᠨ᠎ᠢᠶᠡᠨ ᠪᠠᠲᠤ᠎ᠳᠤ ᠤᠢᠷᠠᠲᠤᠨ ᠲᠡᠭᠦᠨ᠎ᠢ ᠪᠡᠶ᠎ᠡ ᠤᠷᠤᠭᠤ᠎ᠪᠠᠨ ᠲᠠᠲᠠᠭᠠᠳ ᠴᠢᠬᠢᠨ᠎ᠳᠦ ᠪᠢ ᠢᠩᠬᠢᠵᠤ ᠰᠢᠪᠡᠨᠡᠯ᠎ᠡ᠄
    《 ᠭᠡᠬᠦ᠎ᠳᠡᠭᠡᠨ ᠪᠢ ᠡᠬᠡ ᠣᠷᠤᠨ᠎ᠠᠴᠠ᠎ᠪᠠᠨ ᠣᠷᠪᠠᠭ᠎ᠠ ᠦᠭᠡᠢ ᠰᠢᠦ᠃ ᠳᠡᠰᠯᠡᠭᠴᠢ ᠲᠠᠨ᠎ᠤ ᠥᠭᠭᠦᠭᠰᠡᠨ ᠡᠭᠦᠷᠭᠡ᠎ᠶᠢ ᠯᠡ ᠭᠦᠢᠴᠡᠳᠭᠡᠭᠰᠡᠨ᠃ ᠢᠩᠬᠢᠬᠦ᠎ᠡᠴᠡ ᠥᠭᠡᠷ᠎ᠡ ᠶᠠᠮᠠᠷ ᠴᠤ᠌ ᠠᠷᠭ᠎ᠠ ᠪᠠᠢᠭ᠎ᠠ ᠦᠭᠡᠢ᠃ ᠡᠨᠳᠡ ᠲᠠ ᠪᠣᠯ ᠮᠢᠨᠤ ᠳᠠᠷᠤᠭ᠎ᠠ᠂ ᠡᠬᠡ ᠣᠷᠤᠨ᠂ ᠠᠷᠤ ᠲᠠᠯ᠎ᠠ᠁ ᠴᠢᠩ ᠦᠨᠡᠨ᠎ᠢ ᠬᠡᠯᠡᠬᠦ᠎ᠳᠦ ᠶᠠᠫᠤᠨᠴᠤᠳ ᠨᠠᠳᠠ᠎ᠳᠤ ᠨᠢᠭᠡ ᠬᠠᠲᠠᠭᠤ ᠪᠣᠯᠵᠤᠯ ᠲᠠᠯᠪᠢᠭ᠍ᠰᠠᠨ᠃ ᠡᠨᠡ ᠰᠢᠯᠭᠠᠯᠲᠠ᠎ᠶᠢ ᠡᠰᠡ ᠳᠠᠭᠠᠭᠠᠪᠠᠯ ᠮᠠᠷᠭᠠᠰᠢ ᠥᠷᠯᠥᠭᠡᠨ᠎ᠦ ᠤᠯᠠᠭᠠᠨ ᠨᠠᠷᠠᠨ᠎ᠢᠶᠠᠷ ᠨᠠᠮ᠎ᠠ᠎ᠶᠢ ᠴᠠᠭᠠᠵᠠᠯᠠᠨ᠎ᠠ ᠭᠡᠵᠦ ᠰᠦᠷᠳᠡᠭᠦᠯᠦᠭᠰᠡᠨ᠃》
    《 ᠲᠡᠭᠡᠭᠡᠳ ᠶᠠᠮᠠᠷ ᠪᠣᠯᠵᠤᠯ ᠲᠠᠯᠪᠢᠵᠤ ᠪᠠᠢᠬᠤ ᠶᠤᠮ?》
    《 ᠮᠠᠰᠢ ᠬᠠᠲᠠᠭᠤ ᠪᠣᠯᠵᠤᠯ᠁ ᠪᠢ ᠲᠠᠨ᠎ᠠᠴᠠ ᠠᠰᠠᠭᠤᠵᠤ ᠪᠠᠢᠵᠤ ᠪᠣᠯᠤᠶ᠎ᠠ ᠭᠡᠵᠦ ᠰᠠᠨᠠᠭᠠᠳ ᠥᠷᠯᠥᠭᠡ ᠡᠴᠦᠰ᠎ᠦᠨ ᠬᠠᠷᠢᠭᠤ᠎ᠶᠢ ᠬᠡᠯᠡᠶ᠎ᠡ ᠭᠡᠵᠦ ᠲᠥᠷ ᠬᠣᠢᠰᠢᠯᠠᠭᠤᠯᠤᠭᠰᠠᠨ》 ᠬᠡᠮᠡᠨ ᠬᠡᠯᠡᠭᠡᠳ ᠭᠡᠰᠡᠭ ᠴᠢᠮᠡᠭᠡ ᠦᠭᠡᠢ ᠪᠣᠯᠣᠭᠰᠠᠨ᠎ᠢᠶᠠᠨ᠄
    《 ᠨᠠᠮ᠎ᠠ᠎ᠶᠢ ᠮᠠᠷᠭᠠᠰᠢ ᠥᠷᠯᠥᠭᠡ ᠲᠠᠨ᠎ᠢ ᠪᠢᠳᠡᠨ᠎ᠦ ᠨᠢᠳᠦᠨ ᠳᠡᠭᠡᠷ᠎ᠡ ᠫᠤᠤᠳᠠ ᠭᠡᠯ᠎ᠡ》 ᠭᠡᠳ ᠵᠠᠮᠰᠤ᠎ᠶᠢᠨ ᠵᠢᠷᠦᠬᠡ ᠰᠢᠪᠦᠭᠡ᠎ᠪᠡᠷ ᠬᠠᠳᠬᠤᠭᠤᠯᠪᠠ ᠦᠦ ᠬᠡᠮᠡᠷ ᠤᠷᠤᠭ᠍ᠰᠢ ᠨᠢᠭᠡᠨᠲᠡ ᠤᠬᠤᠰᠬᠢᠨ ᠠᠯᠬᠤᠮᠠᠷ ᠪᠣᠯᠤᠭᠰᠠᠨ᠎ᠢᠶᠠᠨ ᠳᠣᠣᠷ᠎ᠠ᠎ᠪᠠᠨ ᠵᠣᠭ ᠲᠤᠰᠪᠠ᠃
    ᠲᠡᠷᠡ ᠬᠣᠶᠠᠷ ᠬᠥᠮᠥᠨ ᠬᠡᠨ ᠬᠡᠨ ᠨᠢ ᠳᠤᠤᠭᠠᠷᠤᠭᠰᠠᠨ ᠦᠭᠡᠢ᠃ ᠶᠠᠭᠠᠬᠢᠬᠤ ᠪᠣᠢ ᠭᠡᠰᠡᠨ ᠰᠢᠭ᠌ ᠪᠡᠶ᠎ᠡ ᠪᠡᠶ᠎ᠡ᠎ᠪᠡᠨ ᠬᠠᠷᠠᠨ ᠵᠣᠭᠰᠤᠪᠠ᠃ ᠪᠠᠲᠤ ᠨᠥᠬᠦᠷ᠎ᠦᠨ᠎ᠢᠶᠡᠨ ᠨᠢᠳᠦ᠎ᠶᠢ ᠡᠭᠴᠡᠯᠡᠨ ᠬᠠᠷᠠᠪᠠ᠃
    《 ᠴᠢ ᠵᠥᠪ ᠰᠢᠢᠳᠴᠡᠢ᠃ ᠴᠢᠨᠤ ᠣᠷᠤᠨ᠎ᠳᠤ ᠪᠢ ᠪᠠᠢᠭ᠍ᠰᠠᠨ ᠪᠣᠯ ᠪᠠᠰᠠ ᠯᠡ ᠢᠩᠬᠢᠬᠦ ᠪᠠᠢᠭ᠍ᠰᠠᠨ᠃ ᠨᠥᠬᠦᠷ᠎ᠢᠶᠡᠨ ᠠᠪᠤᠷᠠ᠂ ᠥᠪᠡᠷ᠎ᠢᠶᠡᠨ ᠦᠬᠦ ᠭᠡᠰᠡᠨ ᠴᠡᠷᠢᠭ᠎ᠦᠨ ᠬᠠᠤᠯᠢ ᠪᠠᠢᠳᠠᠭ᠃ ᠳᠠᠢᠰᠤᠨ᠎ᠤ ᠰᠣᠮᠣᠨ᠎ᠳᠤ ᠬᠣᠶᠠᠭᠤᠯᠠ᠎ᠪᠠᠨ ᠠᠯᠠᠭᠤᠯᠤᠭᠰᠠᠨ᠎ᠠᠴᠠ ᠨᠥᠬᠦᠷ᠎ᠦᠨ᠎ᠢᠶᠡᠨ ᠭᠠᠷ᠎ᠲᠤ ᠦᠬᠦᠭᠰᠡᠨ ᠨᠢ ᠳᠡᠭᠡᠷ᠎ᠡ᠃ ᠬᠥᠮᠥᠨ᠎ᠳᠦ ᠦᠬᠦᠬᠦ ᠬᠦᠷᠲᠡᠯ᠎ᠡ ᠤᠳᠬ᠎ᠠ ᠤᠴᠢᠷ ᠪᠠᠢᠳᠠᠭ ᠶᠤᠮ᠃ ᠶᠣᠰᠤ ᠲᠥᠷᠥ᠍ ᠲᠠᠢ ᠦᠬᠦᠨ᠎ᠡ ᠭᠡᠳᠡᠭ ᠬᠥᠮᠥᠨ ᠪᠥᠭᠦᠳᠡ᠎ᠶᠢᠨ ᠴᠢᠳᠠᠳᠠᠭ ᠠᠵᠢᠯ ᠪᠢᠰᠢ᠃ ᠴᠢ ᠠᠮᠢᠳᠤ ᠦᠯᠡᠳᠡᠪᠡᠯ ᠬᠡᠳᠦᠨ ᠵᠠᠭᠤ᠂ ᠮᠠᠭᠠᠳ ᠦᠭᠡᠢ ᠬᠡᠳᠦᠨ ᠮᠢᠩᠭᠠᠨ ᠬᠥᠮᠥᠨ᠎ᠦ ᠠᠮᠢ ᠨᠠᠰᠤ᠎ᠶᠢ ᠠᠪᠤᠷᠠᠨ᠎ᠠ ᠭᠡᠰᠡᠨ ᠦᠭᠡ᠃ ᠪᠢ ᠴᠢᠮ᠎ᠠ᠎ᠳᠤ ᠠᠮᠢ᠂ ᠠᠯᠲᠠ ᠬᠣᠶᠠᠷ᠎ᠠᠴᠠ ᠦᠨᠡᠲᠡᠢ ᠬᠡᠳᠦᠬᠡᠨ ᠦᠭᠡ ᠬᠡᠯᠡᠨ᠎ᠡ᠃ ᠡᠭᠦᠨ᠎ᠢ ᠶᠠᠫᠤᠨ᠎ᠤ ᠱᠣᠷᠣᠩ᠎ᠳᠤ ᠨᠠᠰᠤ ᠡᠴᠦᠰᠯᠡᠭᠰᠡᠨ ᠮᠠᠨ᠎ᠤ ᠨᠢᠭᠡ ᠬᠥᠮᠥᠨ ᠨᠠᠳᠠ᠎ᠳᠤ ᠬᠡᠯᠡᠭᠰᠡᠨ ᠶᠤᠮ᠃ ᠭᠡᠲᠡᠯ᠎ᠡ ᠪᠢ ᠲᠡᠷᠡ ᠦᠭᠡ᠎ᠶᠢ ᠬᠦᠷᠭᠡᠬᠦ ᠶᠤᠰᠤᠲᠠᠢ ᠭᠠᠵᠠᠷ᠎ᠲᠤ ᠬᠦᠷᠭᠡᠵᠤ ᠴᠢᠳᠠᠯ ᠦᠭᠡᠢ ᠴᠡᠭᠡᠵᠢᠨ᠎ᠳᠡᠭᠡᠨ ᠣᠯᠠᠨ ᠰᠠᠷ᠎ᠠ ᠬᠠᠷ᠎ᠠ ᠳᠠᠷᠤᠯ᠎ᠠ᠃
    ᠲᠡᠢᠨ᠎ᠦ ᠦᠶ᠎ᠡ᠎ᠳᠦ ᠲᠠᠩᠨᠠᠭᠤᠯᠴᠢ᠎ᠶᠢᠨ ᠮᠡᠳᠡᠭᠡ᠂ ᠴᠠᠭ ᠬᠤᠭᠤᠴᠠᠭ᠎ᠠ ᠬᠣᠨᠵᠢᠬᠤ ᠰᠢᠭ᠋ ᠦᠨ᠎ᠡ ᠴᠡᠨ᠎ᠡ ᠲᠠᠢ ᠶᠠᠭᠤᠮ᠎ᠠ ᠪᠠᠢᠳᠠᠭ ᠦᠭᠡᠢ᠎ᠶᠢ ᠴᠢ ᠮᠡᠳᠡᠨ᠎ᠡ᠃ ᠶᠠᠭᠤ ᠭᠡᠪᠡᠯ ᠮᠠᠨ᠎ᠤ ᠲᠣᠲᠤᠭᠠᠳᠤ᠎ᠶᠢ ᠬᠠᠮᠠᠭᠠᠯᠠᠬᠤ᠎ᠳᠤ ᠶᠠᠫᠤᠨ᠎ᠤ ᠲᠠᠩᠨᠠᠭᠤᠯ ᠬᠥᠬᠡᠭᠦᠦ ᠭᠡᠳᠡᠭ ᠬᠥᠮᠥᠨ ᠰᠢᠷᠭᠤᠯᠠᠨ ᠣᠷᠤᠵᠠᠢ᠃ ᠲᠡᠭᠦᠨ᠎ᠦ ᠭᠣᠣᠯ ᠵᠣᠷᠢᠯᠭ᠎ᠠ ᠨᠢ ᠹᠷᠣᠨᠲ ᠳᠡᠭᠡᠷ᠎ᠡ ᠪᠠᠢᠯᠳᠤᠵᠤ ᠪᠠᠢᠭ᠎ᠠ ᠮᠠᠨ᠎ᠤ ᠴᠡᠷᠢᠭ᠎ᠦᠨ ᠬᠣᠷᠢᠶ᠎ᠠ᠂ ᠳ᠋ᠢᠸᠢᠽᠢ᠂ ᠠᠩᠬᠢ ᠨᠢᠭᠡᠳᠬᠡᠯ᠎ᠦᠨ ᠠᠯᠢ ᠡᠷᠳᠡᠮ ᠪᠣᠯᠪᠠᠰᠤᠷᠠᠯ ᠲᠠᠢ ᠰᠢᠯᠢᠳᠡᠭ ᠳᠠᠷᠤᠭ᠎ᠠ᠂ ᠺᠣᠮᠢᠰᠰᠠᠷ᠎ᠤᠳ᠎ᠤᠨ ᠴᠣᠯᠠ ᠬᠡᠷᠬᠡᠮ᠂ ᠣᠪᠤᠭ ᠨᠡᠷ᠎ᠡ᠂ ᠠᠯᠪᠠᠨ ᠲᠣᠰᠢᠶᠠᠯ᠎ᠢ ᠨᠠᠭᠠᠰᠢ᠎ᠪᠠᠨ ᠬᠢᠯᠢ ᠳᠠᠪᠠᠭᠤᠯᠤᠨ ᠮᠡᠳᠡᠭᠡᠯᠡᠬᠦ᠂ ᠲᠡᠳᠡᠨ᠎ᠦ ᠪᠡᠶ᠎ᠡ ᠪᠡᠶ᠎ᠡ᠎ᠳᠡᠭᠡᠨ ᠢᠲᠡᠭᠡᠬᠦ ᠢᠲᠡᠭᠡᠯ᠎ᠢ ᠠᠯᠳᠠᠭᠳᠠᠭᠤᠯᠬᠤ᠂ 〈 ᠶᠠᠫᠤᠨ᠎ᠤ ᠲᠠᠩᠨᠠᠭᠤᠯ᠂ ᠠᠷᠠᠳ᠎ᠤᠨ ᠳᠠᠢᠰᠤᠨ〉 ᠬᠡᠮᠡᠨ ᠰᠡᠷᠳᠡᠵᠦ ( ᠶᠠᠯ᠎ᠠ ᠨᠡᠮᠡᠵᠦ) ᠡᠯᠳᠡᠪ ᠬᠠᠭᠣᠷᠮᠠᠭ᠍ᠴᠢ ᠬᠡᠷᠡᠭ᠂ ᠪᠠᠷᠢᠮᠲᠠ ᠪᠦᠷᠢᠳᠦᠭᠦᠯᠵᠦ ᠪᠠᠷᠢᠪᠴᠢᠯᠠᠭᠤᠯᠬᠤ᠂ ᠣᠯᠠᠮ᠎ᠢᠶᠠᠷ ᠠᠷᠮᠢ᠎ᠶᠢᠨ ᠭᠠᠷ ᠬᠥᠯ᠎ᠢ ᠮᠣᠬᠤᠷᠯᠠᠨ ᠤᠳᠤᠷᠢᠳᠤᠯᠭ᠎ᠠ ᠲᠣᠯᠤᠭᠠᠢ ᠦᠭᠡᠢ ᠪᠣᠯᠭᠠᠬᠤ ᠶᠠᠪᠤᠭᠤᠯᠤᠭ᠎ᠠ ᠵᠣᠬᠢᠶᠠᠨ ᠪᠠᠢᠭᠤᠯᠬᠤ ᠬᠣᠣᠷᠲᠤ ᠬᠡᠷᠡᠭ ᠵᠣᠬᠢᠶᠠᠨ ᠪᠠᠢᠭᠤᠯᠵᠤ ᠪᠠᠢᠬᠤ᠎ᠳᠤ ᠪᠣᠢ᠃ ᠬᠦᠬᠡᠬᠦᠦ ᠣᠯᠠᠭᠤᠯᠠ᠎ᠪᠠᠨ᠂ ᠥᠪᠡᠷ᠎ᠦᠨ ᠭᠠᠷ ᠬᠥᠯ᠂ ᠰᠦᠷᠴᠢᠨ ᠲᠠᠷᠵᠢᠨ ᠡᠪᠳᠡᠭᠡᠳ᠎ᠦᠳ᠎ᠢ ᠶᠠᠮᠤᠨ᠎ᠳᠤ ᠭᠠᠳᠠᠭᠠᠳᠤ᠎ᠶᠢᠨ ᠲᠠᠩᠨᠠᠭᠤᠯ ᠪᠠᠢᠨ᠎ᠠ ᠭᠡᠳᠡᠭ ᠠᠷᠭᠠᠯ ᠲᠦᠯᠡᠭᠡᠨ᠎ᠳᠦ ᠲᠠᠷᠢ ᠨᠢᠭᠤᠭᠰᠠᠨ ᠲᠠᠢ ᠠᠳᠠᠯᠢ ᠠᠶᠤᠯ ᠲᠠᠢ᠃ ᠭᠡᠪᠡᠴᠦ ᠴᠢ ᠶᠠᠭᠠᠷᠠᠵᠤ ᠪᠣᠯᠬᠤ ᠦᠭᠡᠢ᠃ ᠶᠠᠭᠠᠷᠠᠪᠠᠯ ᠲᠠᠭᠠᠷᠠᠨ᠎ᠠ? ᠴᠢ ᠢᠯᠡᠷᠡᠪᠡᠯ ᠡᠬᠡ ᠣᠷᠤᠨ᠎ᠳᠤ᠎ᠠᠶᠤᠯ ᠤᠴᠠᠷᠠᠨ᠎ᠠ᠂ ᠣᠯᠠᠮ ᠭᠡᠮ ᠵᠢᠮ ᠦᠭᠡᠢ ᠬᠥᠮᠥᠨ᠎ᠦ ᠠᠮᠢ ᠰᠦᠢᠳᠦᠨ᠎ᠡ᠃ ᠡᠢᠮᠦ ᠠᠶᠤᠯ᠎ᠤᠨ ᠳᠡᠷᠭᠡᠳᠡ ᠴᠢ ᠪᠢᠳᠡᠨ᠎ᠦ ᠥᠴᠦᠭᠡᠨ ᠠᠮᠢ ᠶᠠᠭᠤ ᠴᠤ᠌ ᠪᠢᠰᠢ ᠭᠡᠳᠡᠭ᠎ᠢ ᠳᠠᠩᠳᠠ ᠪᠣᠳᠤᠵᠤ ᠶᠠᠪᠤ᠃ ᠡᠨᠡ ᠳᠠᠭᠠᠭᠠᠯᠭᠠᠪᠤᠷᠢ᠎ᠶᠢ ᠪᠡᠶᠡᠯᠡᠭᠦᠯᠪᠡᠯ ᠴᠢ ᠪᠢᠳᠡ ᠬᠣᠶᠠᠷ᠎ᠤᠨ ᠬᠥᠮᠥᠨ ᠪᠣᠯᠣᠭᠰᠠᠨ᠎ᠤ ᠬᠡᠷᠡᠭ ᠪᠥᠲᠦᠨ᠎ᠡ᠃ ᠡᠨᠡ ᠨᠢᠭᠤᠴᠠ᠎ᠶᠢ ᠨᠠᠳᠠ᠎ᠳᠤ ᠳᠠᠮᠵᠢᠭᠤᠯᠤᠭᠰᠠᠨ᠂ ᠶᠠᠫᠤᠨ᠎ᠤ ᠱᠤᠷᠤᠩ᠎ᠳᠤ ᠨᠠᠰᠤ ᠡᠴᠦᠰᠯᠡᠭᠰᠡᠨ ᠲᠡᠷᠡ ᠬᠥᠮᠥᠨ᠎ᠦ ᠨᠡᠷ᠎ᠡ᠎ᠶᠢ ᠮᠠᠭᠰᠠᠷᠭᠣᠴᠤᠤ ᠭᠡᠳᠡᠭ ᠶᠤᠮ ᠰᠢᠦ᠃ ᠲᠡᠢᠨ᠎ᠦ ᠬᠡᠴᠡᠭᠦᠦ ᠪᠡᠷᠬᠡ ᠴᠠᠭ᠎ᠲᠤ ᠳᠠᠢᠰᠤᠨ ᠨᠥᠬᠦᠷ ᠬᠣᠶᠠᠷ᠎ᠢ ᠲᠡᠨᠢᠬᠤ ᠠᠮᠠᠷ ᠦᠭᠡᠢ᠃ ᠮᠠᠷᠭᠠᠰᠢ ᠴᠢ ᠨᠠᠮ᠎ᠠ᠎ᠶᠢ ᠫᠣᠣᠳᠠᠬᠤ᠎ᠳᠠᠭᠠᠨ ᠵᠢᠷᠦᠬᠡ ᠠᠯᠳᠠᠨ ᠬᠠᠯᠢᠷᠠᠵᠤ ᠪᠣᠯᠬᠤ ᠦᠭᠡᠢ ᠰᠢᠦ᠃ ᠪᠢ ᠴᠢᠮ᠎ᠠ᠎ᠶᠢ ᠦᠵᠡᠨ ᠶᠠᠳᠠᠭᠰᠠᠨ ᠬᠥᠮᠥᠨ᠎ᠦ ᠳᠦᠷᠢ᠎ᠪᠡᠷ ᠶᠠᠫᠤᠨ᠎ᠳᠤ ᠪᠡᠶ᠎ᠡ᠎ᠪᠡᠨ ᠬᠤᠳᠠᠯᠳᠤᠭᠰᠠᠨ ᠣᠷᠪᠠᠭ᠍ᠴᠢ ᠭᠡᠵᠦ ᠡᠨᠡ ᠲᠡᠷᠡ ᠦᠭᠡ᠎ᠪᠡᠷ ᠬᠠᠷᠢᠶᠠᠵᠤ ᠵᠦᠬᠡᠨ᠎ᠡ᠃ ᠴᠢ ᠲᠡᠭᠦᠨ᠎ᠳᠦ ᠢᠲᠡᠭᠡᠵᠤ ᠦᠨᠡᠮᠰᠢᠵᠤ᠂ ᠡᠷᠡᠬᠡᠯᠵᠡᠵᠦ ᠲᠡᠭᠡᠨᠡᠭᠯᠡᠵᠡᠪᠡ! ᠴᠢᠮ᠎ᠠ᠎ᠶᠢ ᠡᠴᠦᠰ᠎ᠦᠨ ᠤᠳᠠᠭ᠎ᠠ ᠭᠤᠶᠤᠬᠤ ᠶᠠᠭᠤᠮ᠎ᠠ ᠪᠣᠯ ᠨᠠᠮ᠎ᠠ᠎ᠶᠢ ᠵᠣᠪᠡᠵᠤ ᠲᠠᠷᠴᠢᠯᠠᠭᠠᠬᠤ ᠦᠭᠡᠢ᠎ᠪᠡᠷ ᠰᠠᠢᠨ ᠫᠣᠣᠳᠠᠭᠠᠷᠠᠢ᠃ ᠬᠠᠷᠢᠨ ᠡᠵᠢ᠎ᠳᠦ ᠮᠢᠨᠢ ᠨᠠᠮ᠎ᠠ᠎ᠶᠢ ᠠᠮᠢᠳᠤ ᠪᠠᠢᠭ᠎ᠠ᠂ ᠶᠡᠬᠡ ᠬᠣᠯᠠ ᠶᠠᠭᠤᠮᠠᠨ᠎ᠳᠤ ᠶᠠᠪᠤᠭᠰᠠᠨ᠂ ᠤᠳᠠᠵᠤ ᠢᠷᠡᠨ᠎ᠡ ᠭᠡᠵᠦ ᠬᠡᠯᠡᠭᠡᠷᠡᠢ᠃ ᠲᠡᠭᠡᠭᠡᠳ ᠡᠨᠡ ᠴᠢᠯᠠᠭᠤ᠎ᠶᠢ ᠠᠪᠠᠴᠢᠵᠤ ᠥᠭᠭᠦᠭᠡᠳ ᠬᠦᠦ᠎ᠪᠡᠨ ᠰᠠᠨᠠᠭᠰᠠᠨ ᠦᠶ᠎ᠡ᠎ᠳᠦ ᠭᠠᠷᠭᠠᠵᠤ ᠬᠠᠷᠠᠭᠠᠷᠠᠢ ᠭᠡᠵᠦ ᠠᠷᠭᠠᠳᠠᠭᠠᠷᠠᠢ᠃ ᠨᠤᠲᠤᠭ᠎ᠤᠨ ᠮᠢᠨᠢ ᠴᠢᠯᠠᠭᠤ᠁ ᠪᠢ ᠴᠡᠷᠢᠭ᠎ᠲᠦ ᠮᠣᠷᠳᠠᠬᠤ᠎ᠳᠠᠭᠠᠨ ᠥᠯᠵᠡᠢᠲᠦ ᠬᠠᠢᠷᠬᠠᠨ᠎ᠤ᠎ᠪᠠᠨ ᠪᠡᠯ᠎ᠡᠴᠡ ᠠᠪᠴᠤ ᠡᠪᠦᠷᠲᠦᠯᠡᠭᠡᠳ ᠮᠣᠷᠳᠠᠭᠰᠠᠨ ᠶᠤᠮ᠃ ᠠᠭᠣᠯᠠᠰ ᠴᠢᠯᠠᠭᠤ᠎ᠪᠠᠨ ᠦᠭᠡᠢᠯᠡᠳᠡᠭ ᠶᠤᠮ ᠭᠡᠨ᠎ᠡ ᠯᠠᠢ᠂ ᠬᠥᠮᠥᠨ᠎ᠦ ᠭᠠᠵᠠᠷ᠎ᠲᠤ ᠨᠤᠲᠤᠭ᠎ᠤᠨ᠎ᠢᠶᠠᠨ ᠴᠢᠯᠠᠭᠤ᠎ᠶᠢ ᠭᠠᠭᠴᠠᠭᠠᠷᠳᠠᠭᠤᠯᠤᠨ ᠥᠨᠦᠴᠢᠷᠡᠭᠦᠯᠬᠦ ᠦᠭᠡᠢ ᠭᠡᠵᠤ ᠪᠣᠳᠤᠭᠰᠠᠨ᠎ᠳᠠᠭᠠᠨ ᠴᠢᠮ᠎ᠠ᠎ᠳᠤ ᠥᠭᠴᠦ ᠪᠠᠢᠭ᠎ᠠ ᠶᠤᠮ》 ᠭᠡᠵᠦ ᠦᠭᠦᠯᠡᠭᠡᠳ ᠪᠠᠲᠤ ᠡᠩᠭᠡᠷ᠎ᠦᠨ᠎ᠢᠶᠡᠨ ᠬᠠᠯᠠᠭᠠᠰᠤ᠎ᠶᠢ ᠠᠭᠤᠳᠠᠯᠤᠨ ᠡᠪᠤᠷ᠎ᠲᠡᠬᠡᠨ ᠬᠠᠳᠠᠭᠠᠯᠠᠭᠰᠠᠭᠠᠷ ᠶᠠᠪᠤᠭᠠᠳ ᠡᠯᠡᠭᠳᠡᠴᠢᠬᠡᠭᠰᠡᠨ ᠶᠤᠮ ᠰᠢᠭ᠋ ᠬᠥᠬᠡᠪᠦᠷ ᠰᠤᠳᠠᠯ ᠲᠠᠢ ᠦ ᠦᠭᠡᠢ ᠵᠢᠵᠢᠭᠬᠡᠨ ᠴᠢᠯᠠᠭᠤ ᠭᠠᠷᠭᠠᠨ ᠮᠠᠩᠨᠠᠢ᠎ᠳᠤ᠎ᠪᠠᠨ ᠬᠦᠷᠭᠡᠵᠦ ᠭᠤᠷᠪᠠᠨᠲᠠ ᠠᠳᠢᠰ ᠠᠪᠤᠭᠠᠳ᠄
    《 ᠡᠵᠢ᠎ᠳᠦ ᠮᠢᠨᠢ ᠥᠭᠭᠦᠭᠡᠷᠡᠢ》 ᠭᠡᠵᠦ ᠬᠡᠯᠡᠬᠦ᠎ᠳᠡᠭᠡᠨ ᠲᠡᠭᠦᠨ᠎ᠦ ᠬᠣᠭᠤᠯᠠᠢ ᠲᠣᠷᠤᠰᠬᠢᠨ ᠵᠠᠩᠭᠢᠷᠠᠬᠤ᠎ᠶᠢ ᠠᠵᠢᠭ᠍ᠯᠠᠭᠰᠠᠨ ᠵᠠᠮᠰᠤ᠎ᠶᠢᠨ ᠬᠠᠮᠠᠷ ᠨᠠᠷᠮᠠᠢ ᠥᠪᠡᠷ᠎ᠦᠨ ᠡᠷᠬᠡ ᠦᠭᠡᠢ ᠱᠠᠷᠬᠢᠷᠠᠭᠠᠳ ᠶᠠᠪᠤᠴᠢᠬᠠᠯ᠎ᠠ᠃ ᠦᠬᠦᠯ ᠬᠠᠭᠠᠴᠠᠯ᠂ ᠳᠠᠢᠨ ᠲᠤᠯᠤᠯᠳᠤᠭᠠᠨ᠎ᠳᠤ ᠬᠠᠳᠠᠭᠤᠵᠢᠭ᠍ᠰᠠᠨ ᠬᠣᠶᠠᠷ ᠡᠷ᠎ᠡ ᠬᠥᠮᠥᠨ ᠲᠡᠷᠡ ᠰᠦᠨᠢ ᠵᠤᠪᠬᠢ ᠠᠨᠢᠯ ᠦᠭᠡᠢ ᠰᠡᠷᠡᠭᠦᠨ ᠬᠣᠨᠤᠵᠠᠢ᠃ ᠠᠯᠠᠬᠤ ᠨᠢ ᠠᠯᠠᠭᠳᠠᠬᠤ᠎ᠠᠴᠠ ᠪᠡᠨ ᠲᠤᠳᠠᠭᠤ ᠦᠭᠡᠢ ᠰᠢᠨᠠᠯᠤᠨ ᠲᠠᠷᠴᠢᠯᠠᠬᠤ ᠬᠡᠨ ᠬᠡᠨ᠎ᠦ᠎ᠪᠡᠨ ᠵᠣᠪᠠᠯᠠᠩ᠎ᠢ ᠲᠦᠷ ᠴᠤ᠌ ᠭᠡᠰᠡᠨ ᠮᠠᠷᠲᠠᠭᠳᠠᠭᠤᠯᠬᠤ᠎ᠶᠢᠨ ᠲᠤᠯᠠᠳᠠ ᠪᠠᠭ᠎ᠠ ᠨᠠᠰᠤ᠂ ᠨᠤᠲᠤᠭ ᠤᠰᠤ᠎ᠪᠠᠨ ᠳᠤᠷᠠᠰᠤᠨ ᠶᠡᠬᠡ ᠶᠠᠷᠢᠯᠴᠠᠮᠠᠷ ᠪᠠᠢᠭ᠍ᠰᠠᠨ ᠪᠣᠯᠪᠠᠴᠤ ᠱᠣᠷᠣᠩ᠎ᠤᠨ ᠬᠠᠨᠠᠨ᠎ᠳᠤ ᠨᠢᠭᠤᠴᠠᠯᠠᠭᠰᠠᠨ ᠳᠠᠭᠤ ᠬᠤᠷᠢᠶᠠᠭ᠍ᠴᠢ᠎ᠠᠴᠠ ᠡᠮᠢᠶᠡᠭᠡᠳ ᠰᠦᠨᠢ ᠳᠣᠮᠳᠠ᠎ᠠᠴᠠ ᠬᠣᠢᠰᠢ ᠶᠠᠭᠤ ᠴᠤ᠌ ᠶᠠᠷᠢᠬᠤ ᠦᠭᠡᠢ ᠪᠠᠢᠬᠤ᠎ᠪᠠᠷ ᠲᠣᠬᠢᠷᠠᠯᠴᠠᠪᠠ᠃
    ᠠᠳᠠᠭ ᠨᠢ ᠶᠠᠭᠠᠷᠠᠵᠤ ᠬᠦᠯᠢᠶᠡᠬᠦ᠎ᠳᠦ ᠪᠠᠷᠠᠭᠳᠠᠳᠠᠭ ᠦᠭᠡᠢ ᠴᠠᠭ ᠬᠣᠭᠣᠴᠠᠭ᠎ᠠ ᠠᠭᠰᠤᠮ ᠴᠠᠭᠠᠨ ᠮᠣᠷᠢᠲᠠᠢ ᠬᠥᠮᠥᠨ ᠠᠢᠯ᠎ᠤᠨ ᠭᠠᠳᠠᠭᠤᠷ ᠳᠠᠪᠬᠢᠨ ᠣᠳᠬᠤ ᠠᠳᠠᠯᠢ ᠥᠩᠭᠡᠷᠡᠪᠡ᠃ ᠨᠢᠭᠡ ᠮᠡᠳᠡᠬᠦᠯ᠎ᠡ ᠵᠤᠨ᠎ᠤ ᠪᠤᠭᠤᠨᠢᠬᠠᠨ ᠰᠦᠨᠢ ᠪᠠᠷᠠᠭᠳᠠᠭᠠᠳ ᠭᠢᠨᠳᠠᠨ᠎ᠤ ᠭᠡᠭᠡᠪᠴᠢ᠎ᠪᠡᠷ ᠦᠯᠦ ᠮᠡᠳᠡᠭᠡ ᠬᠥᠬᠡᠪᠦᠷ ᠲᠣᠶᠠᠭ᠎ᠠ ᠲᠠᠢ ᠦᠦᠷ᠎ᠦᠨ ᠣᠷᠣᠭ ᠰᠠᠭᠠᠷᠠᠯ ᠭᠡᠭᠡ ᠪᠦᠳᠡᠬᠢ ᠪᠠᠳᠠᠬᠢᠬᠠᠨ ᠲᠣᠰᠬᠤ ᠲᠣᠰᠬᠤ ᠦᠭᠡᠢ᠎ᠶᠢᠨ ᠠᠯᠳᠠ᠎ᠳᠤ ᠤᠷᠲᠤ ᠬᠣᠩᠬᠢᠯ᠎ᠤᠨ ᠨᠦᠭᠦᠭᠡ ᠦᠵᠦᠭᠦᠷ᠎ᠲᠦ ᠪᠣᠢ ᠬᠣᠯᠬᠤᠪᠴᠢ ᠲᠠᠢ ᠳᠡᠮᠦᠷ ᠬᠠᠭᠠᠯᠭ᠎ᠠ ᠬᠠᠷᠴᠢᠬᠢᠨᠠᠨ ᠳᠤᠤᠭᠠᠷᠬᠤ ᠰᠠᠴᠠᠭᠤ ᠠᠯᠤᠰ᠎ᠲᠤ ᠬᠡᠳᠦ ᠬᠡᠳᠦᠨ ᠬᠥᠮᠥᠨ᠎ᠦ ᠬᠥᠯ ᠴᠢᠮᠡᠭᠡ ᠭᠠᠷᠴᠤ ᠭᠠᠵᠢ ᠪᠤᠷᠤᠭᠤ ᠬᠡᠯᠡ᠎ᠪᠡᠷ ᠴᠢᠩᠭ᠎ᠠ ᠴᠢᠩᠭ᠎ᠠ ᠶᠠᠷᠢᠯᠴᠠᠬᠤ ᠨᠢ ᠬᠠᠭᠠᠰ ᠲᠣᠳᠠᠭᠤ ᠳᠠᠭᠤᠯᠳᠠᠯ᠎ᠠ᠃
    ᠪᠠᠲᠤ ᠶᠡᠷᠦ ᠶᠠᠭᠤ ᠴᠤ᠌ ᠪᠣᠯᠤᠭ᠎ᠠ ᠦᠭᠡᠢ ᠶᠤᠮ ᠰᠢᠭ᠋ ᠰᠠᠨᠠᠭᠠᠨ᠎ᠳᠤ ᠣᠷᠤᠮ᠎ᠠ ᠦᠭᠡᠢ ᠴᠦᠯᠭᠥ ( ᠰᠣᠯᠠ) ᠲᠠᠢᠪᠣᠩ ᠲᠠᠭᠤᠨ᠎ᠢᠶᠠᠷ᠄
    《 ᠵᠠ᠂ ᠬᠠᠭᠠᠴᠠᠬᠤ ᠴᠠᠭ ᠬᠠᠭᠠᠯᠭᠠᠨ᠎ᠤ ᠴᠠᠭᠠᠨ᠎ᠠ ᠢᠷᠡᠪᠡ ᠪᠣᠯᠤᠯᠲᠠᠢ᠃ ᠬᠥᠬᠡᠬᠦᠦ᠂ ᠮᠠᠭᠰᠠᠷᠭᠣᠴᠤᠤ ᠬᠣᠶᠠᠷ᠎ᠢ ᠮᠠᠷᠲᠠᠪᠠ》 ᠭᠡᠵᠦ ᠨᠠᠮ ᠳᠠᠭᠤ᠎ᠪᠠᠷ ᠬᠡᠯᠡᠭᠡᠳ ᠵᠠᠮᠰᠤ᠎ᠶᠢ ᠶᠠᠰᠤᠷᠬᠠᠭ ᠥᠷᠭᠡᠨ ᠴᠡᠭᠡᠵᠢᠨ᠎ᠳᠡᠭᠡᠨ ᠲᠡᠪᠡᠷᠢᠨ ᠠᠪᠴᠤ᠄
    《 ᠵᠣᠷᠢᠭ᠋᠎ᠢᠶᠠᠨ ᠴᠢᠩᠭᠠᠯᠠ᠂ ᠴᠡᠷᠢᠭ ᠬᠥᠮᠥᠨ ᠳᠠᠢᠰᠤᠨ᠎ᠳᠠᠭᠠᠨ ᠨᠢᠯᠪᠣᠰᠣ᠌᠂ ᠭᠤᠲᠤᠷᠠᠯ ᠬᠣᠶᠠᠷ᠎ᠢᠶᠠᠨ ᠦᠵᠡᠭᠦᠯᠬᠦ ᠰᠢᠭ᠌ ᠭᠤᠲᠤᠮᠰᠢᠭ᠋ ᠪᠠᠢᠳᠠᠭ ᠦᠭᠡᠢ ᠶᠤᠮ》 ᠭᠡᠵᠦ ᠬᠡᠯᠡᠭᠡᠳ ᠲᠡᠭᠦᠨ᠎ᠦ ᠳᠤᠬᠤᠨ ᠳᠡᠭᠡᠷ᠎ᠡ ᠦᠨᠦᠰᠪᠡ᠃ ᠡᠭᠦᠳᠡᠨ᠎ᠦ ᠴᠤᠤᠵᠢ ᠬᠠᠷᠴᠢᠬᠢᠨᠠᠨ ᠲᠤᠤᠭᠠᠷᠤᠭᠰᠠᠨ᠎ᠢᠶᠠᠷ ᠲᠡᠮᠦᠷ ᠲᠣᠪᠤᠷᠤᠤ ᠲᠠᠢ ᠬᠠᠳᠠᠭᠠᠰᠤ᠎ᠪᠠᠷ ᠪᠦᠭᠡᠯᠡᠭᠰᠡᠨ ᠲᠣᠮᠣ᠌ ᠮᠣᠳᠤᠨ ᠬᠠᠭᠠᠯᠭ᠎ᠠ ᠴᠠᠭᠠᠵᠠ᠎ᠶᠢᠨ ᠲᠣᠭᠲᠠᠭᠠᠯ ᠣᠩᠰᠢᠬᠤ ᠮᠡᠨᠳᠦ ᠴᠢᠬᠠᠷᠠᠨ ᠨᠡᠬᠡᠬᠡᠭᠳᠡᠯ᠎ᠡ᠃ ᠠᠷᠤ᠎ᠳᠠᠭᠠᠨ ᠵᠣᠭᠰᠤᠵᠤ ᠪᠠᠢᠭ᠎ᠠ ᠶᠠᠫᠤᠨ ᠳᠠᠷᠤᠭ᠎ᠠ ᠨᠠᠷ᠎ᠢ ᠬᠠᠷᠠᠭᠠᠳ ᠡᠷᠲᠦᠵᠤ ᠬᠥᠭᠡᠷᠦᠭᠰᠡᠨ ᠬᠣᠶᠠᠭ᠂ ᠫᠤᠤ᠎ᠶᠢᠨ᠎ᠢᠶᠡᠨ ᠵᠠᠮᠣᠭ᠎ᠢ ᠲᠠᠴᠢᠬᠢᠨᠠᠭᠤᠯᠤᠨ ᠰᠦᠷ ᠪᠠᠳᠠᠷᠠᠭᠤᠯᠬᠤ ᠵᠠᠭᠤᠷ᠎ᠠ᠎ᠪᠠᠨ᠄
    《 ᠬᠣᠶᠠᠭᠤᠯᠠ᠎ᠪᠠᠨ ᠭᠠᠷᠤᠭᠠᠳ ᠢᠷ᠎ᠡ》 ᠭᠡᠵᠦ ᠶᠡᠬᠡ ᠯᠡ ᠣᠮᠤᠭᠲᠠᠢ ᠴᠢᠩᠭ᠎ᠠ ᠬᠠᠰᠬᠢᠷᠤᠯ᠎ᠠ᠃ ᠡᠨᠡᠬᠡᠨ ᠮᠥᠴᠡ᠎ᠳᠦ ᠰᠠᠮᠤᠷᠠᠢ ᠨᠠᠷ ᠶᠠᠮᠠᠷ ᠪᠣᠳᠣᠯ ᠡᠪᠦᠷᠯᠡᠨ ᠬᠣᠶᠠᠷ ᠬᠣᠷᠢᠭ᠍ᠳᠠᠯ᠎ᠢ ᠨᠢᠭᠡ ᠳᠣᠣᠷ᠎ᠠ ᠤᠳᠠᠭᠠᠨ ᠬᠣᠭᠣᠴᠠᠭ᠎ᠠ᠎ᠪᠠᠷ ᠡᠢᠨ ᠬᠦ᠌ ᠬᠣᠷᠢᠭ᠍ᠰᠠᠨ᠎ᠤ ᠴᠠᠭᠠᠲᠤ ᠨᠠᠷᠢᠨ ᠤᠴᠢᠷ᠎ᠢ ᠪᠠᠲᠤ ᠭᠡᠨᠡᠳᠲᠡ ᠤᠬᠠᠭᠠᠷᠠᠯ᠎ᠠ᠃ ᠲᠡᠭᠦᠨ᠎ᠦ ᠣᠢᠯᠠᠭᠠᠭᠰᠠᠨ᠎ᠢᠶᠠᠷ ᠬᠣᠶᠠᠷ ᠬᠣᠶᠠᠷ ᠬᠣᠷᠢᠭ᠍ᠳᠠᠯ᠎ᠢ ᠨᠢᠭᠡ ᠳᠣᠣᠷ᠎ᠠ ᠬᠣᠷᠢᠬᠣ᠌᠎ᠳᠤ ᠬᠡᠳᠦᠨ ᠲᠠᠯ᠎ᠠ᠎ᠶᠢᠨ ᠠᠰᠢᠭ᠍ᠲᠠᠢ ᠪᠠᠢᠭ᠍ᠰᠠᠨ ᠶᠤᠮ ᠰᠠᠨᠵᠠᠢ᠃ ᠶᠠᠭᠤ ᠭᠡᠪᠡᠯ ᠨᠢᠭᠡ᠎ᠳᠦ᠂ ᠬᠣᠭᠣᠷᠣᠨᠳᠣ᠌᠎ᠪᠠᠨ ᠨᠠᠷᠢᠨ ᠰᠢᠷᠢᠨ ᠶᠠᠭᠤᠮ᠎ᠠ ᠶᠠᠭᠤ ᠶᠠᠷᠢᠯᠴᠠᠬᠤ᠎ᠶᠢ ᠰᠣᠨᠣᠰᠬᠣ᠌᠂ ᠨᠥᠭᠦᠭᠡ ᠨᠢᠭᠡ ᠠᠰᠢᠭ᠋ ᠭᠡᠪᠡᠯ ᠬᠥᠮᠥᠨ᠎ᠦ ᠭᠠᠵᠠᠷ᠂ ᠬᠥᠨᠳᠦ ᠪᠡᠷᠬᠡ ᠱᠣᠷᠣᠩ ᠭᠢᠨᠳᠠᠨ᠎ᠳᠤ ᠵᠤᠪᠠᠯᠠᠩ ᠵᠢᠷᠭᠠᠯ᠎ᠢᠶᠠᠨ ᠬᠣᠪᠢᠶᠠᠯᠴᠠᠨ ᠪᠡᠶ᠎ᠡ ᠪᠡᠶ᠎ᠡ᠎ᠳᠡᠭᠡᠨ ᠢᠲᠡᠭᠡᠯᠴᠡᠨ ᠳᠠᠰᠤᠯᠴᠠᠭᠰᠠᠨ ᠬᠥᠮᠥᠰ᠎ᠦᠨ ᠨᠢᠭᠡ᠎ᠪᠡᠷ ᠨᠥᠭᠦᠭᠡ᠎ᠶᠢ ᠨᠢ ᠫᠣᠣᠳᠠᠭᠤᠯᠤᠨ᠎ᠠ ᠭᠡᠳᠡᠭ ᠪᠠᠰᠠ ᠴᠢᠭᠡ ᠬᠠᠲᠠᠭᠤᠬᠠᠨ ᠰᠢᠯᠭᠠᠯᠲᠠ ᠪᠣᠯᠬᠤ᠎ᠶᠢ ᠲᠡᠳᠡ ᠠᠯᠳᠠᠭ᠎ᠠ ᠦᠭᠡᠢ ᠲᠣᠭᠠᠴᠠᠭᠠᠯᠠᠵᠠᠢ᠃ ᠵᠠᠮᠰᠤ᠎ᠶᠢ ᠲᠥᠷᠦᠭᠦᠯᠡᠨ ᠬᠣᠩᠬᠢᠯ᠎ᠳᠤ ᠭᠠᠷᠴᠤ ᠢᠷᠡᠬᠦ᠎ᠳᠦ ᠱᠣᠷᠣᠩ᠎ᠳᠤ ᠡᠯᠳᠡᠪ ᠪᠣᠬᠢᠷ ᠦᠨᠦᠷ ᠲᠠᠨᠢᠷ᠎ᠠᠴᠠ ᠳᠠᠢᠵᠢᠭ᠍ᠰᠠᠨ ᠶᠠᠩᠵᠤᠲᠠᠢ ᠲᠡᠷᠲᠡᠭᠡᠬᠢ ᠪᠣᠯᠣᠩ᠎ᠳᠤ ᠪᠦᠭᠡᠮᠨᠡᠷᠡᠨ ᠵᠣᠭᠰᠤᠭᠰᠠᠨ ᠬᠡᠰᠡᠭ ᠬᠥᠮᠥᠰ᠎ᠦᠨ ᠳᠣᠮᠳᠠ ᠱᠠᠲ᠋ᠠᠪ᠎ᠤᠨ ᠬᠡᠳᠦᠨ ᠭᠣᠶᠣ᠌ ᠲᠡᠭᠵᠢᠨ ᠣᠹᠢᠼᠧᠷ ᠥᠪᠡᠷ ᠬᠣᠭᠤᠷᠤᠨᠳᠤ᠎ᠪᠠᠨ ᠡᠨᠡ ᠲᠡᠷᠡᠬᠡᠨ ᠰᠤᠯᠠ ᠦᠭᠡᠰ᠎ᠢ ᠶᠠᠷᠢᠯᠴᠠᠨ ᠨᠢᠷᠤᠭᠤ᠎ᠪᠠᠨ ᠡᠭᠦᠷᠦᠨ ᠵᠣᠭᠰᠤᠵᠠᠭᠠᠵᠤ ᠪᠠᠢᠯ᠎ᠠ᠃
    ᠡᠨᠡ ᠪᠣᠯ ᠵᠠᠮᠰᠤ᠎ᠠᠴᠠ ᠨᠢᠳᠦ ᠦᠵᠡᠨ ᠰᠢᠯᠭᠠᠯᠲᠠ ᠠᠪᠬᠤ 《 ᠺᠣᠮᠢᠰ》 ᠪᠠᠢᠭ᠍ᠰᠠᠨ ᠶᠤᠮ ᠰᠠᠨᠵᠠᠢ᠃ ᠪᠥᠰᠡ ᠮᠠᠯᠠᠭᠠᠢ ᠦᠭᠡᠢ᠂ ᠦᠰᠦ ᠰᠠᠬᠠᠯ ᠨᠢ ᠣᠷᠭᠤᠨ ᠴᠢᠷᠠᠢ ᠳᠠᠷᠤᠭᠰᠠᠨ ᠬᠣᠶᠠᠷ ᠬᠣᠷᠢᠭ᠍ᠳᠠᠯ᠂ ᠬᠤᠶᠠᠭ᠎ᠤᠨ ᠵᠠᠮᠴᠢᠯᠠᠭᠰᠠᠨ᠎ᠢᠶᠠᠷ ᠭᠠᠳᠠᠭ᠍ᠰᠢ ᠭᠠᠷᠳᠠᠭ ᠬᠠᠭᠠᠯᠭᠠᠨ᠎ᠤ ᠵᠦᠭ ᠴᠤᠪᠤᠷᠠᠨ ᠠᠯᠬᠤᠪᠠ᠃ ᠶᠠᠪᠤᠬᠤ ᠬᠥᠳᠡᠯᠬᠦ ᠪᠦᠷᠢ ᠳᠡᠰᠬᠦᠶ᠎ᠡ ᠪᠡᠷᠬᠡ ᠲᠠᠲᠠᠯᠳᠤᠨ ᠡᠪᠡᠳᠴᠦ ᠪᠣᠢ ᠰᠢᠷᠬ᠎ᠠ ᠰᠣᠯᠪᠢᠨ᠎ᠳᠠᠭᠠᠨ ᠡᠮᠵᠡᠭᠯᠡᠭᠰᠡᠨ ᠪᠠᠲᠤ ᠡᠨᠡ ᠮᠠᠭᠤᠰᠠᠢᠨ᠎ᠳᠤ ᠮᠠᠭᠤ᠎ᠪᠠᠨ ᠦᠵᠡᠭᠦᠯᠬᠦ ᠦᠭᠡᠢ ᠳᠠ ᠭᠡᠰᠡᠨ ᠳᠠ ᠭᠡᠰᠡᠨ ᠰᠢᠭ᠌ ᠰᠢᠳᠦ ᠵᠠᠭᠤᠨ ᠲᠣᠩᠭᠣᠢᠨ ᠠᠯᠬᠤᠬᠤ ᠪᠦᠭᠡᠳ ᠲᠡᠭᠦᠨ᠎ᠦ ᠳᠤᠬᠤᠨ᠎ᠳᠤ ᠬᠦᠢᠲᠡᠨ ᠬᠥᠯᠦᠰᠦ ᠴᠢᠬᠠᠷᠠᠨ᠎ᠠ᠃ ᠴᠠᠭᠠᠵᠠ᠎ᠶᠢᠨ ᠭᠠᠵᠠᠷ ᠢᠷᠡᠬᠦ᠎ᠳᠦ ᠥᠷᠯᠦᠭᠡᠨ᠎ᠦ ᠨᠠᠷᠠᠨ᠎ᠤ ᠴᠢᠰᠤᠨ ᠤᠯᠠᠭᠠᠨ ᠲᠤᠶᠠᠭ᠎ᠠ᠂ ᠤ᠌ᠢ᠎ᠶᠢᠨ ᠴᠣᠭᠤᠷᠤᠬᠠᠢ᠎ᠳᠤ ᠰᠤᠨᠳᠤᠭᠤᠢᠳᠠᠭᠤ ᠤᠷᠭᠤᠭᠰᠠᠨ ᠬᠡᠳᠦᠨ ᠭᠤᠸᠠᠯᠢᠭ᠋ ᠵᠠᠯᠠᠭᠤ ᠨᠠᠷᠠᠰᠤᠨ᠎ᠤ ᠲᠣᠷᠭᠠᠨ ᠣᠷᠤᠢ ( ᠨᠠᠷᠢᠨ ᠣᠷᠤᠢ)᠎ᠳᠤ ᠳᠦᠩᠭᠡᠵᠦ ᠲᠣᠰᠴᠤ ᠪᠠᠢᠯ᠎ᠠ᠃ ᠡᠨᠡ ᠶᠢᠷᠳᠢᠨᠴᠦ᠎ᠶᠢ ᠠᠯᠠᠭ ᠦᠭᠡᠢ ᠢᠪᠡᠭᠡᠬᠦ ᠥᠷᠯᠥᠭᠡᠨ᠎ᠦ ᠨᠠᠷᠠᠨ᠎ᠤ ᠭᠡᠭᠡ ᠭᠡᠷᠡᠯ᠂ ᠪᠠᠶᠠᠰᠤᠭᠰᠠᠨ ᠰᠢᠪᠠᠵᠢ ᠬᠣᠷᠤᠬᠠᠢ᠂ ᠵᠢᠭᠦᠷᠲᠡᠨ ᠰᠢᠪᠠᠭᠤ᠂ ᠬᠥᠮᠥᠨ ᠠᠳᠤᠭᠤᠰᠤ ᠠᠯᠢᠨ᠎ᠢ ᠨᠢ ᠪᠣᠯᠪᠠᠴᠤ ᠦᠬᠦᠯ᠎ᠦᠨ ᠲᠣᠬᠠᠢ ᠪᠣᠳᠤᠬᠤ᠎ᠶᠢᠨ ᠡᠴᠦᠰ ᠦᠭᠡᠢ ᠥᠭᠬᠢᠶᠡᠮᠦᠷ ᠭᠡᠭᠡᠨ ᠤᠢᠷᠠᠳᠪᠠ᠁
    ᠵᠤᠨ᠎ᠤ ᠳᠣᠮᠳᠠ ᠰᠠᠷ᠎ᠠ᠎ᠶᠢᠨ ᠨᠠᠪᠴᠢ ᠨᠣᠭᠤᠭ᠎ᠠ ᠠᠯᠠᠭᠯᠠᠨ᠂ ᠪᠠᠯ ᠪᠣᠷᠠᠮ᠎ᠤᠨ ᠠᠮᠲᠠ ᠦᠨᠦᠷ᠎ᠲᠦ ᠪᠠᠢᠭᠠᠯᠢ ᠳᠡᠯᠡᠬᠡᠢ ᠱᠠᠩᠳᠠᠭᠤᠷᠠᠮᠠᠷ ᠴᠡᠴᠡᠭᠡᠰ᠎ᠦᠨ ᠠᠩᠬᠢᠯᠤᠭᠤᠨ ᠦᠨᠦᠷ ᠲᠠᠢ ᠴᠡᠩᠬᠡᠷ ᠰᠠᠯᠬᠢᠨ᠎ᠳᠤ ᠪᠠᠲᠤ ᠵᠤᠯᠠ ᠲᠠᠢ ᠯᠡ ᠰᠣᠭᠲᠤᠭᠤᠷᠠᠨ ᠤᠨᠠᠭᠰᠠᠨ ᠦᠭᠡᠢ᠃ ᠡᠷᠭᠢᠬᠦ ᠳᠦᠷᠪᠡᠨ ᠤᠯᠠᠷᠢᠯ᠂ ᠡᠷᠡᠭᠦᠯ ᠴᠡᠩᠬᠡᠷ ᠠᠭᠠᠷ ᠭᠡᠵᠤ ᠡᠢᠮᠦ ᠣᠢᠳᠬᠤ᠎ᠶᠢᠨ ᠠᠷᠭ᠎ᠠ ᠦᠭᠡᠢ ᠠᠷᠢᠭᠤᠨ ᠲᠡᠭᠰᠢ᠎ᠶᠢᠨ ᠳ᠋ᠸᠪᠠᠵᠠᠨ᠎ᠤ ᠮᠥᠩᠬᠡ ᠨᠣᠭᠤᠭᠠᠨ ᠴᠡᠴᠡᠷᠯᠢᠭ ᠪᠠᠢᠳᠠᠭ᠎ᠢ ᠭᠢᠨᠳᠠᠨ᠎ᠤ ᠢᠷᠤᠭᠠᠷ᠎ᠲᠤ ᠨᠠᠷᠠ ᠰᠠᠯᠬᠢᠨ᠎ᠤ ᠪᠠᠷ᠎ᠠ ᠬᠠᠷᠠᠯ ᠦᠭᠡᠢ ᠬᠡᠳᠦᠨ ᠰᠠᠷ᠎ᠠ ᠴᠤᠤᠵᠢᠲᠠᠢ ᠬᠡᠪᠲᠡᠬᠦ᠎ᠳᠦ᠎ᠪᠡᠨ ᠪᠠᠷᠤᠭ ᠮᠠᠷᠲᠠᠬᠤ᠎ᠠᠴᠠ ᠨᠠᠭᠠᠭᠤᠷ ᠪᠣᠯᠵᠠᠢ᠃ ᠦᠢ ᠲᠥᠮᠡᠨ ᠥᠯᠦᠰᠭᠦᠯᠡᠩ ᠨᠣᠬᠠᠢ᠎ᠶᠢᠨ ᠪᠦᠭᠡᠰᠦᠨ᠎ᠳᠦ ᠬᠠᠮᠤᠭ ᠴᠢᠰᠤ᠎ᠪᠠᠨ ᠰᠣᠷᠤᠭᠤᠯᠤᠨ ᠱᠣᠷᠣᠩ᠎ᠤᠨ ᠬᠤᠶᠠᠭ ᠲᠠᠬᠠᠷ ᠨᠠᠷ᠎ᠲᠤ ᠲᠠᠨᠢᠭ᠍ᠳᠠᠬᠤ ᠦᠭᠡᠢ ᠪᠣᠯᠲᠠᠯ᠎ᠠ᠎ᠪᠠᠨ ᠨᠦᠳᠦᠭᠦᠯᠦᠭᠰᠡᠨ᠂ ᠭᠠᠷ ᠬᠥᠯ᠎ᠳᠦ᠎ᠪᠡᠨ ᠭᠠᠷᠪᠠ ᠲᠠᠢ ᠣᠯᠵᠠ᠎ᠶᠢᠨ ᠬᠥᠮᠥᠨ ᠵᠢᠭᠣᠳᠠᠶ᠎ᠠ ᠭᠡᠵᠦ ᠬᠢᠴᠢᠶᠡᠨ ᠪᠣᠳᠤᠪᠠᠴᠦ ᠬᠡᠳᠦᠢᠬᠡᠨ ᠬᠣᠯᠠ ᠬᠠᠷᠠᠢᠬᠤ ᠰᠠᠨ ᠪᠢᠯᠡ᠃
    ᠳᠠᠭᠣᠵᠦ ᠶᠠᠪᠤᠭ᠎ᠠ ᠬᠠᠷᠠᠭᠠᠯᠵᠠᠭ᠍ᠴᠢ ᠰᠠᠮᠤᠷᠠᠢ᠎ᠶᠢᠨ ᠰᠦᠷᠲᠦ ᠳᠦᠷᠢ ᠤᠷᠴᠢᠯᠠᠩ᠎ᠤᠨ ᠰᠢᠷᠤᠢ ᠲᠦᠩᠭᠡᠵᠤ ᠬᠥᠳᠡᠯᠭᠡᠨ ᠶᠠᠪᠤᠭ᠎ᠠ ᠫᠣᠣ᠎ᠶᠢᠨ᠎ᠢᠶᠡᠨ ᠬᠢᠲᠤᠭᠠᠨ ᠵᠢᠳᠠ᠎ᠠᠴᠠ ᠲᠤᠳᠠᠭᠤ ᠦᠭᠡᠢ ᠬᠤᠷᠴᠠ ᠳᠣᠭ᠍ᠰᠢᠨ ᠬᠠᠷᠠᠴᠠ ᠲᠠᠢ ᠲᠡᠷᠡ ᠰᠦᠷᠵᠢᠨ ᠶᠠᠫᠤᠨ ᠬᠠᠷᠠᠭᠠᠯᠵᠠᠭ᠍ᠴᠢ ᠲᠠᠢ ᠬᠡᠯᠡ ᠨᠡᠪᠲᠡᠷᠡᠳᠡᠭ ᠰᠠᠨ ᠪᠣᠯ ᠬᠡᠳᠦᠨ ᠡᠭᠳᠡᠭᠦᠦ ᠲᠠᠢ ᠭᠠᠰᠢᠭᠤᠨ ᠦᠭᠡ ᠬᠡᠯᠡᠵᠦ ᠳᠤᠷ᠎ᠠ ᠦᠭᠡᠢ᠎ᠶᠢ ᠨᠢ ᠬᠦᠷᠭᠡᠮᠡᠷ᠃ ᠬᠠᠷᠠᠪᠠᠰᠤ ᠲᠡᠷᠡ ᠶᠠᠫᠤᠨ ᠲᠡᠢᠨ ᠦᠵᠡᠭᠡ ᠦᠭᠡᠢ ᠠᠮᠢᠲᠠᠨ ᠪᠣᠯᠬᠤ᠎ᠪᠠᠨ ᠬᠥᠳᠡᠯᠭᠡᠭᠡᠨ ᠪᠦᠷᠢ᠎ᠪᠡᠷ᠎ᠢᠶᠡᠨ ᠬᠡᠯᠡᠭᠡᠳ ᠪᠠᠢᠬᠤ ᠰᠢᠭ᠋᠃ ᠬᠠᠯᠬ᠎ᠠ᠎ᠶᠢᠨ ᠭᠣᠣᠯ᠎ᠳᠤ ᠪᠢ ᠴᠢᠮ᠎ᠠ ᠲᠠᠢ ᠤᠯᠠᠭᠠᠨ ᠨᠢᠭᠤᠷ᠎ᠢᠶᠠᠷ᠎ᠢᠶᠠᠨ ᠠᠭᠤᠯᠵᠠᠭᠰᠠᠨ ᠴᠤ᠌ ᠪᠣᠯᠤᠭᠠᠰᠠᠢ᠃ ᠲᠡᠭᠡᠪᠡᠯ ᠬᠡᠨ ᠬᠡᠨ ᠮᠠᠨᠢ ᠨᠢᠭᠡ ᠶᠣᠰᠤᠷᠬᠠᠭ ᠴᠡᠮᠴᠡᠭᠡᠨᠡᠵᠤ ( ᠪᠣᠯᠭᠤᠮᠵᠢᠯᠠᠵᠤ) ᠰᠦᠢᠳ ᠪᠣᠯᠬᠤ ᠦᠭᠡᠢ ᠪᠠᠢᠭ᠍ᠰᠠᠨ ᠪᠢᠵᠠ᠃ ᠶᠠᠮᠠᠷ ᠴᠤ᠌ ᠭᠡᠰᠡᠨ ᠦᠬᠦᠬᠦ᠎ᠡᠴᠡ᠎ᠪᠡᠨ ᠡᠮᠦᠨ᠎ᠡ ᠡᠷᠡᠬᠦᠯ ᠠᠭᠠᠷ᠎ᠢᠶᠠᠷ ᠬᠡᠳᠦᠨ ᠮᠦᠴᠡ ᠠᠮᠢᠰᠬᠤᠯᠯᠠᠭᠠᠳ ᠶᠢᠷᠳᠢᠨᠴᠤ᠎ᠶᠢᠨ ᠨᠠᠷᠠ᠎ᠶᠢ ᠨᠢᠭᠡᠨᠲᠡ ᠬᠠᠷᠠᠭᠠᠳ ᠨᠢᠳᠦ ᠠᠨᠢᠳᠠᠭ ᠲᠠᠪᠢᠯᠠᠩ ᠲᠠᠢ ᠪᠠᠢᠵᠠᠢ ᠭᠡᠵᠦ ᠭᠦᠨ ᠬᠥᠬᠡ ᠲᠡᠭᠷᠢ᠎ᠳᠦ ᠬᠣᠢᠲᠦ ᠵᠦᠭ ᠠᠨᠢᠷ ᠦᠭᠡᠢᠬᠡᠨ ᠨᠡᠭᠦᠬᠦ ᠭᠡᠰᠡᠭ ᠪᠣᠰᠠᠭ ᠰᠡᠮᠡᠵᠡᠨ ( ᠨᠢᠮᠭᠡᠨ) ᠡᠭᠦᠯᠡᠰ᠎ᠢ ᠭᠣᠨᠢᠭ᠍ᠲᠠᠢ ᠨᠢᠳᠦ᠎ᠪᠡᠷ ᠬᠠᠷᠠᠵᠤ ᠵᠣᠭᠰᠤᠯ᠎ᠠ ᠲᠠᠩᠨᠠᠭᠤᠯ᠎ᠤᠨ ᠭᠠᠵᠠᠷ᠎ᠤᠨ ᠳᠠᠷᠤᠭ᠎ᠠ ᠬᠣᠷᠠᠩᠳᠠ ᠨᠠᠺᠠᠮᠤᠷᠠ ᠭᠢᠯᠠᠯᠵᠠᠭᠰᠠᠨ ᠬᠤᠷᠴᠠ ᠬᠦᠷᠵᠡ᠎ᠶᠢ ᠵᠠᠮᠰᠤ᠎ᠳᠤ ᠥᠭᠴᠦ᠄
    《 ᠵᠠ᠂ ᠵᠠᠯᠠᠭᠤ ᠮᠢᠨᠢ᠂ ᠥᠩᠭᠡᠷᠡᠭᠰᠡᠨ ᠰᠦᠨᠢ ᠨᠠᠳᠠ᠎ᠳᠤ ᠶᠠᠮᠠᠷ ᠬᠠᠷᠢᠭᠤ ᠥᠭᠬᠦ᠎ᠪᠡᠨ ᠠᠭᠠᠵᠢᠭᠤ ᠲᠠᠢᠪᠤᠩ ᠪᠣᠳᠤᠵᠤ ᠬᠣᠨᠤᠭ᠎ᠠ ᠪᠢᠵᠠ ᠳᠠ᠃ ᠡᠨᠡ ᠬᠦᠷᠵᠡ᠎ᠪᠡᠷ ᠬᠡᠳᠦᠨ ᠬᠥᠮᠦᠨ᠎ᠦ ᠨᠦᠬᠡ ᠤᠬᠤᠬᠤ᠎ᠪᠠᠨ ᠥᠪᠡᠷ᠎ᠢᠶᠡᠨ ᠮᠡᠳᠡ ᠳᠠ᠃ ᠴᠢᠮ᠎ᠠ᠎ᠶᠢ ᠨᠥᠬᠡ ᠤᠬᠤᠵᠤ ᠳᠠᠭᠤᠰᠲᠠᠯ᠎ᠠ ᠡᠨᠡ ᠵᠠᠯᠠᠭᠤ ᠨᠢᠰᠭᠡᠭᠴᠢ ᠡᠷᠡᠭᠦᠯ ᠠᠭᠠᠷ᠎ᠲᠤ ᠠᠮᠠᠷᠠᠵᠤ ᠪᠠᠢᠭ᠋᠃ ᠦᠬᠦᠬᠦ᠎ᠶᠢᠨ ᠡᠮᠦᠨ᠎ᠡ ᠬᠥᠮᠥᠨ᠎ᠦ ᠣᠶᠤᠨ ᠤᠬᠠᠭᠠᠨ ᠭᠠᠢᠬᠠᠮᠰᠢᠭ᠍ᠲᠠᠢ ᠰᠠᠷᠠᠭᠤᠯᠬᠠᠨ ᠪᠣᠯᠳᠠᠭ ᠶᠤᠮ ᠭᠡᠰᠡᠨ᠃ ᠬᠢᠭᠰᠡᠨ ᠨᠢᠭᠦᠯ ᠬᠢᠯᠢᠨᠴᠡ᠎ᠪᠡᠨ ᠪᠣᠳᠣᠵᠤ ᠪᠣᠷᠬᠠᠨ᠎ᠤ ᠡᠮᠦᠨ᠎ᠡ ᠨᠠᠮᠠᠨᠴᠢᠯᠠᠨ ᠮᠥᠷᠭᠦᠭ᠂ ᠬᠡᠬᠦ᠎ᠳᠡᠭᠡᠨ ᠪᠢ ᠡᠨᠡ ᠨᠢᠰᠭᠡᠭᠴᠢ᠎ᠶᠢ ᠶᠠᠭᠤ ᠴᠤ᠌ ᠭᠡᠵᠦ ᠠᠮᠠᠯᠠᠭᠰᠠᠨ᠂ ᠤᠯᠠᠭᠠᠨᠪᠠᠭᠠᠲᠤᠷ᠎ᠢ ᠦᠨᠡᠰᠦᠨ ᠳᠣᠪᠣᠷᠠᠭ ᠪᠤᠯᠲᠠᠯ᠎ᠠ ᠪᠥᠮᠪᠦᠭᠡᠳᠡᠴᠢᠭᠡᠭᠡᠳ ᠡᠷᠬᠢᠭᠡᠳ ᠢᠷᠡᠶ᠎ᠡ ᠴᠤ᠌ ᠭᠡᠰᠡᠨ ᠠᠭᠤᠴᠢᠯᠠᠬᠤ ᠡᠷᠬᠡ ᠦᠭᠡᠢ᠃ ᠬᠠᠮᠤᠭ᠎ᠤᠨ ᠠᠶᠤᠯ ᠲᠠᠢ ᠨᠢ ᠨᠢᠰᠭᠡᠭᠴᠢ ᠬᠥᠮᠥᠨ ᠭᠠᠭᠴᠠᠭᠠᠷᠳᠠᠳᠠᠭ ᠦᠭᠡᠢ᠂ ᠪᠦᠬᠦᠯᠢ ᠪᠦᠲᠦᠨ ᠬᠣᠷᠢᠶ᠎ᠠ᠂ ᠳ᠋ᠢᠸᠢᠽᠢ ᠮᠠᠭᠠᠳ ᠦᠭᠡᠢ ᠲᠡᠭᠦᠨ᠎ᠡᠴᠡ ᠢᠯᠡᠭᠦᠦ ᠴᠤ᠌ ᠶᠡᠬᠡ ᠬᠣᠬᠢᠷᠠᠯ᠎ᠢ ᠨᠢᠰᠭᠡᠭᠴᠢ ᠬᠥᠮᠥᠨ ᠠᠰᠤᠷᠤ ᠪᠣᠭᠤᠨᠢᠬᠠᠨ ᠬᠣᠭᠤᠴᠠᠭᠠᠨ᠎ᠳᠤ ᠭᠦᠨ ᠠᠷᠤ ᠲᠠᠯ᠎ᠠ᠎ᠳᠤ ᠤᠴᠠᠷᠠᠭᠤᠯᠳᠠᠭ᠎ᠢᠶᠠᠷ᠎ᠢᠶᠠᠨ ᠬᠠᠮᠤᠭ᠎ᠠᠴᠠ ᠠᠶᠤᠯ ᠲᠠᠢ ᠳᠠᠢᠰᠤᠨ᠃ ᠢᠯᠠᠩᠭᠤᠶ᠎ᠠ ᠡᠨᠡ ᠵᠠᠯᠠᠭᠤ ᠳᠡᠰᠯᠡᠭᠴᠢ ᠪᠣᠷᠬᠠᠨ᠎ᠠᠴᠠ ᠵᠠᠶᠠᠭᠠᠭᠰᠠᠨ ᠲᠥᠷᠦᠯᠬᠢ᠎ᠶᠢᠨ ᠤᠷᠠᠨ ᠨᠢᠰᠦᠯᠭᠡ᠎ᠶᠢᠨ ᠶᠡᠬᠡ ᠠᠪᠢᠶᠠᠰ ᠲᠠᠢ ᠠᠰ ᠨᠢᠰᠭᠡᠭᠴᠢ ᠤᠴᠢᠷ᠎ᠠᠴᠠ ᠶᠠᠮᠠᠷ ᠴᠤ᠌ ᠥᠷᠦᠰᠢᠶᠡᠯ ᠦᠵᠡᠭᠦᠯᠬᠦ ᠠᠷᠭ᠎ᠠ ᠠᠯᠠᠭ᠎ᠠ》 ᠭᠡᠵᠦ ᠬᠡᠯᠡᠭᠰᠡᠨ᠎ᠢ ᠨᠢᠭᠡᠨ ᠠᠯᠠᠭᠤᠬᠠᠨ ᠡᠷ᠎ᠡ ᠮᠣᠩᠭᠣᠯ ᠬᠡᠯᠡ᠎ᠪᠡᠷ ᠡᠭᠡᠷᠡᠵᠦ ᠲᠦᠭᠳᠡᠷᠡᠨ ᠪᠠᠢᠵᠤ ᠴᠢᠳᠠᠨ ᠶᠠᠳᠠᠨ ᠲᠤᠲᠠᠭᠤᠬᠠᠨ ᠬᠠᠯᠲᠤ ᠮᠦᠯᠲᠦ ᠣᠷᠴᠢᠭᠤᠯᠪᠠ᠃
    ᠵᠠᠮᠰᠤ ᠵᠢᠭᠠᠭᠰᠠᠨ ᠭᠠᠵᠠᠷ᠎ᠢ ᠳᠥᠷᠪᠡᠯᠵᠢᠯᠡᠨ ᠵᠢᠷᠤᠭᠠᠳ ᠬᠥᠪᠴᠢ᠎ᠶᠢᠨ ᠬᠥᠪᠲᠦ ᠰᠢᠯᠮᠤᠤᠰᠤᠨ᠎ᠳᠤ ᠬᠤᠴᠢᠭ᠍ᠳᠠᠭᠰᠠᠨ ᠵᠥᠭᠡᠯᠡᠨ ᠬᠠᠷ᠎ᠠ ᠬᠥᠷᠦᠰᠦᠲᠠᠢ ᠭᠠᠵᠠᠷ᠎ᠢ ᠥᠮᠥ᠍ ᠴᠥᠮᠥ᠍ ᠬᠢᠰᠬᠢᠨ ᠨᠥᠬᠡ ᠤᠬᠤᠵᠤ ᠡᠬᠢᠯᠡᠪᠡ᠃ ᠬᠦᠷᠵᠡ᠎ᠶᠢ ᠭᠠᠵᠠᠷ᠎ᠲᠤ ᠰᠢᠬᠢᠳᠳᠡᠯ᠎ᠡ ᠬᠢᠰᠬᠢᠬᠦ᠎ᠶᠢᠨ ᠳᠣᠭᠠᠯᠠᠩ᠎ᠢᠶᠠᠷ ᠵᠠᠮᠰᠤ᠎ᠶᠢᠨ ᠦᠷᠦ ᠵᠢᠷᠦᠬᠡ ᠰᠢᠷ ᠰᠢᠷ ᠬᠢᠬᠦ ᠰᠢᠭ᠌ ᠪᠣᠯᠤᠨ᠎ᠠ᠃ ᠫᠣᠣ ᠴᠡᠭᠡᠵᠢᠨ᠎ᠳᠡᠭᠡᠨ ᠠᠭᠰᠠᠭᠰᠠᠨ ᠶᠠᠫᠤᠨ ᠴᠡᠷᠢᠭ ᠡᠷᠭᠢᠨ ᠲᠣᠭᠤᠷᠢᠨ ᠰᠦᠷ ᠪᠠᠳᠠᠷᠠᠭᠤᠯᠤᠨ ᠠᠯᠴᠠᠢᠨ ᠵᠣᠭᠰᠤᠬᠤ ᠨᠢ ᠬᠠᠷᠠᠬᠤ᠎ᠠᠴᠠ ᠡᠭᠳᠡᠭᠦᠦ ᠲᠠᠢ᠃ ᠵᠠᠯᠠᠭᠤ ᠴᠡᠯᠭᠡᠮ᠎ᠡ ᠨᠠᠷᠠᠰᠤᠨ᠎ᠤ ᠣᠷᠤᠢ᠎ᠳᠤ ᠨᠠᠷᠠᠨ᠎ᠤ ᠭᠡᠷᠡᠯ ᠲᠠᠢ ᠲᠣᠭᠯᠠᠨ ᠨᠠᠮᠢᠷᠠᠬᠤ ᠲᠣᠷᠭᠠᠨ ᠨᠣᠭᠤᠭᠠᠨ ᠨᠠᠪᠴᠢᠰ᠎ᠤᠨ ᠳᠣᠮᠳᠠ ᠾᠷᠤᠮ ( ᠭᠢᠯᠠᠯᠵᠠᠭᠰᠠᠨ ᠵᠥᠭᠡᠯᠡᠨ ᠠᠷᠠᠰᠤᠨ ᠭᠤᠲᠤᠯ) ᠢᠰᠭᠦᠯᠦᠭᠰᠡᠨ ᠬᠥᠯ᠎ᠢᠶᠡᠨ ᠮᠣᠳᠤᠨ᠎ᠤ ᠣᠷᠪᠤᠩ ( ᠤ᠌ᠭ ᠦᠨᠳᠦᠰᠦ) ᠳᠡᠭᠡᠷ᠎ᠡ ᠰᠣᠢᠯᠵᠤ ᠲᠠᠯᠪᠢᠭᠠᠳ ᠰᠠᠯᠠᠭᠠᠨ᠎ᠳᠠᠭᠠᠨ ᠬᠠᠪᠴᠢᠭᠤᠯᠤᠭᠰᠠᠨ ᠶᠠᠩᠵᠤᠤᠷ᠎ᠢᠶᠠᠨ ᠠᠮᠲᠠᠷᠬᠠᠨ ᠰᠣᠷᠤᠬᠤ ᠵᠠᠭᠤᠷ᠎ᠠ᠎ᠪᠠᠨ ᠦᠶ᠎ᠡ ᠦᠶ᠎ᠡ ᠴᠠᠭ᠎ᠢᠶᠠᠨ ᠬᠠᠷᠠᠨ᠎ᠠ᠃ ᠨᠥᠬᠡ ᠤᠬᠤᠵᠤ ᠳᠠᠭᠤᠰᠪᠠ᠃ ᠬᠣᠷᠠᠩᠳᠠ᠎ᠶᠢᠨ ᠲᠤᠰᠢᠶᠠᠯ᠎ᠢᠶᠠᠷ ᠨᠢᠰᠭᠡᠭᠴᠢ ᠪᠠᠲᠤ᠎ᠶᠢᠨ ᠭᠠᠪᠠ ᠲᠤᠱᠠ᠎ᠶᠢ ᠠᠪᠴᠤ ᠤᠬᠤᠭᠰᠠᠨ ᠨᠥᠭᠡᠨ᠎ᠦ ᠠᠮᠡᠰᠠᠷ ᠳᠡᠭᠡᠷ᠎ᠡ ᠠᠪᠴᠢᠷᠠᠵᠤ ᠥᠭᠡᠳᠡ᠎ᠡᠴᠡ ᠨᠢ ᠬᠠᠷᠠᠭᠤᠯᠤᠨ ᠵᠣᠭᠰᠤᠭᠠᠯ᠎ᠠ᠃
    ᠴᠡᠷᠢᠭ᠎ᠦᠨ ᠬᠡᠭᠡᠷ᠎ᠡ᠎ᠶᠢᠨ ᠰᠢᠭᠦᠬᠦ᠎ᠡᠴᠡ ᠦᠢᠯᠡᠳᠦᠭᠰᠡᠨ ᠶᠠᠯ᠎ᠠ᠎ᠶᠢᠨ ᠲᠣᠭᠲᠠᠭᠠᠯ ᠲᠦᠷᠴᠢᠬᠢᠨᠡᠳᠡᠭ ( ᠣᠩᠰᠢᠳᠠᠭ) ᠶᠤᠮ ᠪᠣᠯᠪᠠ ᠦᠦ ᠭᠡᠰᠡᠨ ᠴᠢᠨᠢ ᠳᠡᠭᠡᠭᠰᠡᠨ ᠦᠭᠡᠢ᠃ ᠬᠣᠷᠠᠩᠳᠠ ᠨᠠᠺᠠᠮᠦᠷᠠ᠎ᠶᠢᠨ ᠣᠷᠤᠯᠠᠭ᠍ᠴᠢ ᠨᠥᠭᠦᠭᠡ ᠭᠠᠩᠭᠠᠩ ᠬᠤᠰᠢᠭᠤᠴᠢ ᠥᠪᠡᠷ᠎ᠦᠨ᠎ᠢᠶᠡᠨ ᠭᠤᠴᠢᠨ ᠠᠯᠬᠤᠮ ᠭᠠᠵᠠᠷ ᠬᠡᠮᠵᠢᠵᠦ᠂ ᠶᠠᠪᠠᠭᠠᠨ ᠴᠡᠷᠢᠭ᠎ᠦᠨ ᠬᠢᠲᠤᠭᠠᠨ ᠵᠢᠳᠠ ᠲᠠᠢ ᠤᠷᠲᠤ ᠰᠢᠷ᠎ᠠ ᠸᠢᠨᠲ᠋ᠤᠸ ( ᠶᠠᠪᠠᠭᠠᠨ ᠫᠣᠣ)᠎ᠶᠢᠨ ᠬᠣᠭᠣᠯᠠᠢ᠎ᠳᠤ ᠭᠠᠭᠴᠠ ᠰᠣᠮᠣ᠌ ᠬᠢᠭᠡᠳ ᠵᠠᠮᠰᠤ᠎ᠳᠤ ᠥᠭᠴᠦ ᠨᠢᠰᠭᠡᠭᠴᠢ᠎ᠶᠢ ᠫᠣᠣᠳᠠᠬᠤ᠎ᠶᠢ ᠲᠤᠰᠢᠶᠠᠯ᠎ᠠ᠃ ᠰᠠᠮᠤᠷᠠᠢ ᠨᠠᠷ ᠡᠨᠡ ᠦᠶ᠎ᠡ᠎ᠳᠦ ᠨᠢ ᠭᠠᠷ ᠫᠣᠣ᠎ᠪᠠᠨ ᠪᠡᠯᠡᠨ ᠪᠠᠷᠢᠭᠠᠳ ᠲᠡᠭᠦᠨ᠎ᠦ ᠬᠥᠳᠡᠯᠭᠡᠭᠡᠨ ᠪᠦᠷᠢ᠎ᠶᠢ ᠠᠵᠢᠨ ᠪᠠᠢᠭ᠎ᠠ ᠭᠡᠳᠡᠭ᠎ᠢ ᠵᠠᠮᠰᠤ ᠬᠠᠷᠠᠭ᠎ᠠ ᠦᠭᠡᠢ ᠪᠣᠯᠪᠠᠴᠤ ᠬᠠᠷᠠᠭᠰᠠᠨ᠎ᠠᠴᠠ ᠲᠤᠳᠠᠭᠣ᠌ ᠦᠭᠡᠢ ᠮᠡᠳᠡᠵᠤ ᠪᠠᠢᠯ᠎ᠠ᠃ ᠵᠠᠮᠰᠤ᠎ᠶᠢᠨ ᠡᠨᠡ ᠫᠣᠣ ᠵᠢᠩᠬᠢᠨᠢ ᠬᠠᠳᠠᠭᠤ ᠬᠤᠰᠢᠭᠤ ᠲᠠᠢ ᠰᠣᠮᠣ᠌ ᠲᠠᠢ ᠬᠡᠮᠡᠨ ᠥᠪᠡᠷ᠎ᠲᠡᠬᠡᠨ ᠮᠦᠷᠦᠯᠡᠨ ᠱᠠᠭᠠᠢᠯ᠎ᠠ᠃
    ᠪᠠᠲᠤ᠎ᠶᠢᠨ ᠳᠤᠬᠤ ᠤᠷᠤᠭᠤ᠎ᠪᠠᠨ ᠤᠷᠭᠤᠭᠰᠠᠨ ᠬᠡᠳᠦᠨ ᠲᠣᠭ ( ᠪᠠᠭᠴᠠ) ᠭᠠᠷᠠᠬᠠᠨ ᠦᠰᠦ ᠵᠥᠭᠡᠯᠡᠨ ᠰᠠᠯᠬᠢᠨ᠎ᠳᠤ ᠰᠡᠷᠪᠡᠯᠵᠡᠨ ᠬᠡᠢᠰᠦᠨ᠎ᠡ᠃ ᠬᠥᠪᠴᠢ᠎ᠶᠢᠨ ᠡᠨᠡ ᠨᠠᠷᠯᠠᠭᠬᠠᠨ ᠴᠢᠯᠦᠭᠡᠨ᠎ᠳᠦ ᠠᠶᠤᠳᠠᠰᠤ ᠲᠥᠷᠦᠮᠡᠷ ᠳᠡᠩᠳᠡᠭᠦᠦ ᠴᠠᠢᠪᠤᠷ ᠴᠢᠮᠡᠭᠡ ᠦᠭᠡᠢ᠃ ᠲᠥᠷᠦᠭᠦᠨ᠎ᠡᠴᠡ ᠬᠣᠢᠰᠢ ᠬᠦᠷᠵᠡ ᠠᠮᠠᠷᠠᠯ ᠦᠭᠡᠢ ᠨᠥᠬᠡ ᠤᠬᠤᠭᠰᠠᠨ ᠵᠠᠮᠰᠤ᠎ᠶᠢᠨ ᠵᠢᠷᠦᠬᠡ ᠬᠦᠷᠦᠭᠡᠳ ᠢᠷᠡᠭᠰᠡᠨ ᠮᠡᠲᠦ ᠴᠡᠭᠡᠵᠢ᠎ᠪᠡᠨ ᠨᠦᠳᠦᠴᠢᠨ ᠲᠦᠭ ᠲᠦᠭ ᠴᠣᠬᠢᠯᠠᠨ᠎ᠠ᠃ ᠭᠡᠳᠡᠯ᠎ᠡ ᠨᠥᠬᠡᠨ᠎ᠦ ᠠᠮᠠᠰᠠᠷ ᠳᠡᠭᠡᠷ᠎ᠡ ᠰᠦᠨᠡᠰᠦ ᠰᠡᠭᠦᠳᠡᠷ ᠨᠢ ᠵᠠᠢᠯᠠᠭᠰᠠᠨ ᠠᠮᠢᠲᠠᠨ ᠯᠡ ᠡᠢᠮᠦ ᠪᠠᠢᠳᠠᠭ ᠪᠣᠯᠪᠠ ᠦᠦ ᠭᠡᠮᠡᠷ ᠮᠥᠷᠦ᠎ᠪᠡᠨ ᠤᠨᠵᠢᠭᠤᠯᠤᠨ ᠵᠣᠭᠰᠤᠵᠤ ᠪᠠᠢᠭ᠍ᠰᠠᠨ ᠪᠠᠲᠤ ᠲᠣᠯᠣᠭᠠᠢ᠎ᠪᠠᠨ ᠡᠷᠭᠦᠭᠰᠡᠨ᠎ᠢᠶᠡᠨ ᠰᠢᠳᠦ᠎ᠪᠡᠨ ᠬᠠᠪᠢᠷᠬᠤ᠎ᠠᠴᠠ ᠨᠠᠭᠠᠭᠤᠷ ᠬᠣᠷᠤᠰᠤᠯᠲᠠᠢ ᠲᠣᠳᠣ᠌ ᠳᠠᠭᠣ᠌᠎ᠪᠠᠷ᠄
    《 ᠰᠠᠮᠤᠷᠠᠢ ᠨᠠᠷ᠎ᠲᠤ ᠪᠡᠶ᠎ᠡ᠎ᠪᠡᠨ ᠬᠤᠳᠠᠯᠳᠤᠭᠰᠠᠨ ᠮᠠᠭᠤ ᠨᠣᠪᠰᠢ᠂ ᠪᠢᠳᠡᠬᠡᠢ ᠴᠡᠴᠡᠷᠡᠭᠡᠳ ᠪᠠᠢᠭᠠᠴᠢ! ᠠᠯᠠᠭᠤᠯᠬᠤ ᠬᠥᠮᠥᠨ ᠡᠮᠢᠶᠡᠭᠡ ᠦᠭᠡᠢ ᠪᠠᠢᠬᠤ᠎ᠳᠤ ᠴᠢ ᠶᠠᠭᠤᠨ᠎ᠳᠠᠭᠠᠨ ᠢᠩᠬᠢᠳᠡᠯ᠎ᠡ ᠬᠤᠯᠴᠢᠢᠵᠤ ᠠᠶᠤᠭᠠᠳ ᠪᠠᠢᠭ᠎ᠠ ᠶᠤᠮ ᠪᠣᠢ! ᠡᠬᠡ ᠣᠷᠤᠨ᠎ᠠᠴᠠ᠎ᠪᠠᠨ ᠣᠷᠪᠠᠭᠰᠠᠨ ᠬᠥᠮᠥᠨ᠎ᠳᠦ ᠦᠬᠦᠭᠰᠡᠨ ᠬᠣᠢᠨ᠎ᠠ ᠨᠢ ᠲᠣᠯᠣᠭᠠᠢ ᠳᠡᠭᠡᠷ᠎ᠡ ᠨᠢ ᠪᠣᠰᠬᠠᠬᠤ ᠴᠢᠯᠠᠭᠤ ᠣᠯᠳᠠᠳᠠᠭ ᠦᠭᠡᠢ ᠶᠤᠮ ᠰᠢᠦ! ᠠᠯᠢ ᠪᠣᠢ᠂ ᠫᠣᠣᠳᠠᠭᠠᠳ ᠥᠭᠭᠦᠭᠡᠴᠢ!》 ᠭᠡᠵᠦ ᠺᠣᠮᠠᠨᠳ᠋ ᠥᠭᠴᠦ ᠪᠠᠢᠨ᠎ᠠ ᠦᠦ ᠬᠡᠮᠡᠷ ᠴᠠᠭᠠᠨ᠎ᠠ᠎ᠪᠠᠨ ᠯᠡ ᠨᠢᠭᠡ ᠵᠠᠩᠳᠤᠷᠤᠩᠭᠤᠢ ᠬᠠᠰᠬᠢᠷᠪᠠ᠃
    ᠨᠥᠬᠦᠷ᠎ᠦᠨ᠎ᠢᠶᠡᠨ ᠶᠠᠳᠠᠷᠠᠵᠤ ᠴᠣᠩᠬᠢᠢᠭ᠍ᠰᠠᠨ ᠵᠢᠰᠦ ᠴᠢᠷᠠᠢ᠎ᠶᠢ ᠬᠠᠷᠠᠨ ᠥᠷᠦᠪᠳᠦᠭᠰᠡᠨ ᠵᠠᠮᠰᠤ᠎ᠶᠢᠨ ᠭᠠᠷ ᠥᠯᠦ ᠮᠡᠳᠡᠭ ᠰᠠᠯᠭᠠᠨᠠᠨ ᠴᠡᠴᠡᠷᠬᠢᠯᠡᠬᠦ᠎ᠳᠦ ᠲᠡᠷᠡ᠎ᠪᠡᠷ ᠠᠮᠢᠰᠬᠤᠬ᠎ᠠ᠎ᠪᠠᠨ ᠳᠠᠷᠤᠨ ᠪᠡᠶ᠎ᠡ᠎ᠪᠡᠨ ᠴᠢᠩᠭᠠᠯᠠᠭᠠᠳ ᠫᠣᠣ᠎ᠶᠢᠨ ᠣᠪᠤᠭ᠎ᠠ ᠬᠠᠷᠠᠭ᠎ᠠ ᠪᠡᠶ᠎ᠡ ᠭᠤᠷᠪᠠ ᠴᠢᠴᠠᠤᠷᠠᠭᠠᠳ ᠢᠷᠡᠬᠦ᠎ᠶᠢᠨ ᠲᠡᠷᠡᠬᠡᠨ ᠲᠣᠷᠭᠠᠨ ᠭᠱᠡᠨ᠎ᠳᠦ ᠭᠤᠬ᠎ᠠ᠎ᠪᠠᠨ ᠠᠭᠠᠵᠢᠭᠤᠬᠠᠨ ᠳᠠᠷᠤᠯ᠎ᠠ᠃
    ᠠᠭᠤᠯᠠ ᠬᠥᠪᠴᠢ ᠴᠤᠤᠷᠢᠶᠠᠲᠤᠭᠤᠯᠤᠨ ᠳᠠᠰ ᠬᠢᠭᠰᠡᠨ ᠫᠣᠣ᠎ᠶᠢᠨ ᠳᠠᠭᠤᠨ᠎ᠳᠤ ᠴᠣᠴᠢᠭ᠍ᠰᠠᠨ ᠵᠠᠯᠠᠭᠤ ᠨᠠᠷᠠᠰᠤᠨ᠎ᠤ ᠤᠷᠤᠢ ᠥᠷᠭᠦᠭᠰᠡᠨ ᠤᠯᠠᠨ ᠠᠳᠤᠭᠤ ᠳᠡᠯ ᠰᠡᠭᠦᠯ᠎ᠢᠶᠡᠨ ᠬᠡᠢᠰᠭᠡᠨ ᠤᠬᠤᠰᠬᠢᠨ ᠳᠠᠪᠬᠢᠬᠤ ᠠᠳᠠᠯᠢ ᠰᠡᠷᠪᠡᠯᠵᠡᠨ ᠰᠢᠯᠭᠡᠭᠡᠬᠦ ᠰᠠᠴᠠᠭᠤ᠂ ᠰᠦᠷᠦᠭ ᠪᠣᠯᠵᠤᠮᠤᠷ ᠳᠡᠷᠪᠡᠨ ᠨᠢᠰᠴᠦ ᠲᠦᠳᠡᠬᠡᠨ ᠣᠣᠯᠭ᠎ᠠ ᠠᠯᠳᠠᠨ ᠰᠠᠳᠠᠷᠠᠨ ᠦᠳᠬᠤ ᠶᠡᠬᠡ ᠬᠥᠪᠴᠢ ᠴᠤᠤᠷᠢᠶ᠎ᠠ ᠲᠠᠢ ᠬᠠᠮᠳᠤ ᠪᠠᠷ᠎ᠠ ᠰᠤᠷᠠᠭ ᠦᠭᠡᠢ ᠠᠯᠠᠭ᠎ᠠ ᠪᠣᠯᠤᠯ᠎ᠠ᠃ ᠪᠠᠲᠤ ᠳᠠᠷᠢᠬᠢᠨ ᠳᠣᠮᠳᠠᠭᠤᠷ᠎ᠢᠶᠠᠨ ᠪᠤᠷᠤᠤᠬᠠᠢᠲᠠᠭᠤᠯᠤᠭᠰᠠᠨ ᠮᠡᠲᠦ ᠲᠡᠩᠴᠡᠭᠦᠷᠢ ᠠᠯᠳᠠᠨ ᠴᠡᠭᠡᠵᠢ᠎ᠪᠡᠨ ᠳᠠᠷᠤᠨ ᠤᠷᠤᠭ᠍ᠰᠢ ᠨᠢᠭᠡᠨᠲᠡ ᠤᠬᠤᠰᠬᠢᠨ ᠠᠯᠬᠤᠭᠰᠠᠨ᠎ᠢᠶᠠᠨ ᠬᠤᠷᠤᠮ ᠬᠣᠷᠣᠮ᠎ᠢᠶᠠᠷ ᠠᠭᠠᠵᠢᠮᠬᠠᠨ ᠭᠠᠯ ᠨᠢ ᠪᠦᠬᠦᠵᠤ ᠪᠣᠢ ᠨᠢᠳᠦᠨ᠎ᠦ᠎ᠪᠡᠨ ᠬᠠᠷᠠᠴᠠ᠎ᠶᠢ ᠵᠠᠮᠰᠤ᠎ᠶᠢᠨ ᠨᠢᠳᠦᠨ ᠳᠡᠭᠡᠷ᠎ᠡ ᠤᠳᠠᠭᠠᠨ ᠭᠡᠭᠴᠢ ᠲᠣᠭᠲᠠᠭᠠᠨ ᠬᠠᠷᠠᠭᠠᠳ ᠭᠡᠪᠡᠴᠦ ᠭᠡᠨᠡᠳᠲᠡ ᠨᠢᠭᠤᠷ᠎ᠢᠶᠠᠷ᠎ᠢᠶᠠᠨ ᠭᠠᠵᠠᠷ ᠬᠠᠷᠠᠭᠤᠯᠳᠠᠨ ᠤᠨᠠᠪᠠ᠃
     ᠪᠠᠲᠤ᠎ᠶᠢᠨ ᠡᠴᠦᠰ᠎ᠦᠨ ᠲᠡᠷᠡ ᠬᠠᠷᠠᠴᠠ ᠵᠠᠮᠰᠤ᠎ᠳᠤ ᠶᠡᠬᠡ ᠶᠠᠭᠤᠮ᠎ᠠ ᠬᠡᠯᠡᠭᠰᠡᠨ ᠪᠦᠭᠡᠳ ᠲᠡᠭᠦᠨ᠎ᠦ ᠨᠢᠭᠤᠷ᠎ᠤᠨ ᠬᠣᠶᠠᠷ ᠲᠠᠯ᠎ᠠ᠎ᠳᠤ ᠡᠳᠦᠷ ᠰᠦᠨᠢ ᠬᠣᠶᠠᠷ ᠰᠢᠭ᠋ ᠠᠯᠠᠭᠯᠠᠨ ᠪᠠᠢᠭ᠍ᠰᠠᠨ ᠭᠡᠷᠡᠯ ᠰᠡᠭᠦᠳᠡᠷ ᠳᠣᠮᠳᠠ ᠳᠠᠢᠰᠤᠨ᠎ᠢᠶᠠᠨ ᠦᠵᠡᠨ ᠶᠠᠳᠠᠭᠰᠠᠨ ᠬᠣᠷᠣᠰᠣᠯ᠂ ᠳᠡᠩᠳᠡᠭᠦᠦ ᠵᠠᠯᠠᠭᠤ᠎ᠪᠠᠷ᠎ᠢᠶᠠᠨ ᠦᠷᠡᠭᠳᠡᠪᠡ ᠬᠡᠮᠡᠭᠰᠡᠨ ᠬᠠᠷᠠᠰᠠᠯ᠂ ᠡᠭᠦᠷᠭᠡ᠎ᠪᠡᠨ ᠪᠡᠶᠡᠯᠡᠭᠦᠯᠡᠭᠰᠡᠨ ᠴᠡᠷᠢᠭ ᠡᠷ᠎ᠡ ᠪᠠᠬᠠᠷᠬᠠᠯ᠂ ᠨᠥᠬᠦᠷ᠎ᠲᠡᠬᠡᠨ ᠲᠠᠯᠠᠷᠬᠠᠭᠰᠠᠨ ᠤᠶᠠᠨ ᠵᠥᠭᠡᠯᠡᠨ ᠢᠨᠢᠶᠡᠮᠰᠦᠭᠯᠡᠯ᠂ ᠬᠡᠯᠡᠭᠰᠡᠨ ᠪᠦᠬᠦᠨ᠎ᠢ ᠭᠦᠢᠴᠡᠳᠬᠡ ᠭᠡᠰᠡᠨ ᠳᠠᠷᠤᠭ᠎ᠠ ᠬᠥᠮᠥᠨ᠎ᠦ ᠳᠤᠰᠢᠶᠠᠯ ᠴᠥᠮ ᠨᠢᠭᠡᠨ ᠵᠡᠷᠭᠡ ᠬᠠᠷᠠᠭᠳᠠᠵᠠᠢ᠃

返回顶部