ᠬᠠᠭᠤᠴᠢᠨ ᠬᠦᠦ
– ᠳ᠂ ᠨᠠᠴᠤᠭᠳᠣᠷᠵᠢ
ᠬᠥᠳᠡᠭᠡ᠎ᠶᠢᠨ ᠪᠠᠢᠳᠠᠯ ᠱᠠᠯᠳᠠᠷ ᠪᠣᠯᠲᠠᠷ᠂ ᠴᠠᠭ ᠤᠯᠠᠷᠢᠯ ᠣᠷᠤᠭ᠎ᠠ ᠪᠣᠰᠬᠤᠭᠠ᠂ ᠡᠯᠡᠰᠦ ᠲᠠᠢ ᠱᠠᠩᠳᠠ ᠪᠣᠳᠠ ᠲᠠᠢ ᠴᠠᠢᠳᠠᠮᠢ ᠳᠠᠭᠠᠵᠤ᠂ ᠬᠠᠶᠠ ᠨᠢᠭᠡ ᠬᠠᠷ᠎ᠠ ᠭᠡᠷ᠎ᠡᠴᠡ ᠤᠲᠤᠭ᠎ᠠ ᠰᠤᠭᠤᠨᠠᠭᠯᠠᠨ᠎ᠠ᠃ ᠲᠥᠷᠪᠡᠨ ᠵᠦᠭ ᠴᠡᠪ ᠴᠡᠯᠡᠢᠨ ᠤᠢᠳᠬᠠᠷ ᠲᠠᠢ᠂ ᠴᠠᠭᠠᠨ ᠤᠨᠢᠶᠠᠷ ᠲᠤᠨᠤᠨ᠎ᠠ᠃ ᠵᠤᠨ᠎ᠤ ᠯᠦᠭᠬᠢᠮᠡ ᠬᠠᠯᠠᠭᠤᠨ ᠢᠰᠡᠭᠡᠢ ᠭᠡᠷ᠎ᠢ ᠰᠢᠷᠠᠵᠤ᠂ ᠮᠠᠯᠴᠢᠨ ᠬᠦᠮᠦᠨ᠎ᠦ ᠰᠡᠳᠬᠢᠯ᠎ᠢ ᠪᠣᠬᠢᠨᠠᠳᠤᠭᠤᠯᠤᠨᠠ᠃
ᠠᠢᠯ᠎ᠤᠨ ᠬᠠᠶᠠᠭ᠎ᠠ᠎ᠪᠠᠷ ᠦᠬᠡᠷ᠎ᠦᠨ ᠪᠠᠭᠠᠰᠤ ᠦᠷᠭᠦᠯᠵᠢᠯᠡᠵᠠᠢ᠃ ᠡᠭᠦᠪᠡᠷ ᠲᠡᠭᠦᠪᠡᠷ ᠬᠡᠳᠦᠨ ᠲᠤᠭᠤᠯ ᠤᠭᠤᠳᠤᠩᠨᠠᠨ ᠲᠠᠪᠬᠢᠨ᠎ᠠ᠃ ᠬᠦᠯᠳᠦ ᠣᠷᠤᠬᠤ᠎ᠠᠴᠠ ᠠᠪᠤᠭᠠᠳ ᠦᠰᠦ ᠴᠠᠢᠬᠤ᠎ᠶᠢ ᠬᠦᠷᠲᠡᠯ᠎ᠡ ᠨᠢᠭᠡ ᠭᠤᠤᠯ᠎ᠢ ᠦᠭᠰᠦᠨ ᠤᠷᠤᠭᠤᠳᠠᠨ ᠨᠡᠭᠦᠵᠤ᠂ ᠨᠢᠭᠡ ᠬᠤᠳᠳᠤᠭ᠎ᠢ ᠡᠷᠭᠢᠨ ᠲᠣᠭᠤᠷᠢᠨ ᠨᠤᠲᠤᠭᠯᠠᠭᠰᠠᠭᠠᠷ ᠡᠨᠡ ᠬᠦ᠌ ᠶᠢᠷᠳᠢᠨᠴᠤ᠎ᠶᠢ ᠡᠴᠦᠰᠯᠠᠨᠡ᠃ ᠭᠠᠪᠵᠤ ᠵᠠᠮᠪᠠᠯ ᠬᠣᠢᠮᠤᠷ ᠰᠠᠭᠣᠵᠤ ᠪᠣᠷᠬᠠᠨ ᠨᠣᠮ ᠭᠡᠵᠦ ᠪᠤᠷᠤᠭᠤ ᠵᠦᠪ ᠴᠠᠯᠴᠢᠬᠤ ᠪᠠ ᠵᠠᠢᠰᠠᠩ ᠨᠠᠮᠵᠢᠯ ᠭᠠᠳᠠᠨ᠎ᠠ᠎ᠠᠴᠠ ᠢᠷᠡᠵᠤ ᠬᠠᠤᠯᠢ ᠶᠣᠰᠤ ᠭᠡᠵᠦ ᠬᠤᠳᠠᠯ ᠦᠨᠡᠨ ᠶᠠᠷᠢᠬᠤ᠎ᠶᠢ ᠰᠣᠨᠤᠰᠤᠭᠰᠠᠭᠠᠷ ᠡᠳᠦᠷ ᠰᠠᠷ᠎ᠠ᠎ᠶᠢ ᠤᠯᠠᠷᠢᠭᠤᠯᠤᠨ᠎ᠠ᠃ ᠳᠡᠷᠲᠡᠭᠡ ᠠᠭᠤᠯᠠ᠎ᠶᠢ ᠥᠩᠭᠡᠷᠡᠪᠡᠯ ᠠᠢᠯ ᠦᠭᠡᠢ ᠭᠡᠵᠤ ᠪᠣᠳᠤᠵᠤ᠂ ᠲᠡᠭᠷᠢ᠎ᠶᠢᠨ ᠬᠠᠶᠠᠭᠠᠨ᠎ᠠᠴᠠ ᠴᠢᠨᠠᠭ᠍ᠰᠢ ᠭᠠᠵᠠᠷ ᠦᠭᠡᠢ ᠭᠡᠵᠦ ᠰᠡᠳᠬᠢᠭᠰᠡᠭᠡᠷ ᠲᠦᠮᠡᠨ ᠬᠡᠷᠡᠭ᠎ᠡᠴᠡ ᠬᠣᠴᠤᠷᠴᠤ᠂ ᠳᠡᠯᠡᠬᠡᠢ᠎ᠶᠢᠨ ᠪᠣᠯᠪᠠᠰᠤᠨ᠎ᠠᠴᠠ ᠭᠡᠭᠡᠭᠳᠡᠨ᠎ᠡ᠃ ᠭᠠᠭᠴᠠ ᠬᠦ᠌ ᠥᠷᠯᠦᠭᠡ ᠪᠣᠷᠬᠠᠨ᠎ᠳᠤ ᠵᠠᠯᠪᠠᠷᠢᠵᠤ᠂ ᠦᠳᠡᠰᠢ ᠲᠡᠭᠷᠢ᠎ᠳᠦ ᠮᠥᠷᠭᠦᠭᠰᠡᠭᠡᠷ ᠨᠢᠭᠡ ᠨᠠᠰᠤ᠎ᠶᠢ ᠪᠠᠷᠠᠨ᠎ᠠ᠃
ᠬᠠᠭᠤᠴᠢᠨ ᠬᠦᠦ ᠬᠣᠯᠠ ᠮᠤᠷᠢᠨ ᠳᠡᠭᠡᠷ᠎ᠡ᠎ᠪᠡᠨ ᠬᠥᠨᠳᠡᠯᠡᠨ ᠰᠠᠭᠤᠵᠤ ᠬᠠᠲᠠᠷᠢᠭᠤᠯᠤᠭᠰᠠᠭᠠᠷ ᠬᠦᠷᠴᠦ ᠢᠷᠡᠪᠡ᠃ ᠴᠠᠭᠠᠨ ᠳᠠᠪᠤᠤ ᠠᠯᠴᠢᠭᠤᠷ᠎ᠢᠶᠠᠷ ᠲᠣᠯᠤᠭᠠᠢ᠎ᠪᠠᠨ ᠣᠷᠢᠶᠠᠵᠠᠢ᠃ ᠰᠢᠷᠢᠯᠳᠦᠭᠰᠡᠨ ᠬᠠᠷ᠎ᠠ ᠭᠡᠵᠢᠭᠡ᠎ᠶᠢᠨ ᠰᠡᠷᠪᠡᠢᠭᠰᠡᠨ ᠬᠡᠳᠦᠨ ᠦᠰᠦ ᠨᠢ ᠰᠢᠨ᠎ᠠ ᠤᠷᠤᠭᠤ ᠨᠢ ᠤᠨᠵᠢᠨᠠ᠃ ᠤᠷᠠᠭᠳᠠᠵᠤ ᠨᠠᠪᠲᠠᠷᠠᠭᠰᠠᠨ ᠬᠠᠷ᠎ᠠ ᠬᠠᠨᠴᠤᠢ᠎ᠶᠢ ᠰᠤᠭᠤᠯᠲᠤᠷᠭᠠᠯᠠᠵᠤ᠂ ᠭᠬᠢᠷᠲᠦᠵᠦ ᠰᠠᠭᠠᠷᠢᠲᠤᠭᠰᠠᠨ ᠪᠣᠷᠤ ᠲᠣᠬᠣᠢ ᠭᠠᠷᠭᠠᠵᠠᠢ᠃ ᠳᠠᠪ ᠬᠢᠭᠡᠳ ᠮᠣᠷᠢᠨ᠎ᠠᠴᠠ᠎ᠪᠠᠨ ᠪᠠᠭ᠎ᠤᠨ᠂ ᠲᠠᠰ ᠭᠢᠲᠡᠯ᠎ᠡ ᠵᠢᠯᠤᠭᠤ᠎ᠪᠠᠨ ᠰᠣᠷᠢᠭᠠᠳ ᠲᠣᠰ᠎ᠤᠨ᠎ᠳᠤ ᠳᠡᠷᠤᠭᠳᠠᠭᠰᠠᠨ ᠤᠷᠲᠤ ᠬᠣᠷᠮᠣᠢᠪᠠᠷᠢᠶᠠᠷ ᠨᠠᠷᠠᠨ᠎ᠳᠤ ᠰᠢᠷᠠᠭᠳᠠᠭᠰᠠᠨ ᠨᠢᠭᠤᠷ᠎ᠤᠨ᠎ᠢᠶᠠᠨ ᠬᠥᠯᠦᠰᠦ᠎ᠶᠢ ᠠᠷᠴᠢᠵᠤ ᠭᠡᠷ᠎ᠲᠦ ᠣᠷᠤᠪᠠ᠃
ᠪᠠᠯᠳᠠᠨ᠎ᠤ ᠬᠢ ᠢᠰᠡᠭᠡᠢ᠎ᠪᠡᠨ ᠬᠢᠵᠤ ᠪᠠᠢᠨ᠎ᠠ᠃ ᠴᠠᠩᠳᠠ᠎ᠶᠢᠨ ᠬᠢ ᠬᠣᠨᠢ᠎ᠪᠠᠨ ᠬᠤᠵᠢᠷᠯᠠᠵᠤ ᠪᠠᠢᠨ᠎ᠠ᠃ ᠳ᠋ᠠᠮᠪᠠ᠂ ᠮᠣᠷᠢ ᠡᠷᠢᠬᠦ᠎ᠪᠡᠷ ᠶᠠᠪᠤᠭᠰᠠᠨ᠂ ᠭᠣᠮᠪᠤ ᠬᠠᠩᠭᠠᠢ ᠣᠷᠤᠭᠠᠳ ᠢᠷᠡᠭᠰᠡᠨ ᠭᠡᠬᠦ ᠵᠡᠷᠭᠡ ᠶᠡᠷᠦ᠎ᠶᠢᠨ ᠬᠡᠳᠤᠨ ᠦᠭᠡ᠎ᠶᠢ ᠠᠬ᠎ᠠ ᠵᠠᠬ᠎ᠠ ᠬᠥᠮᠥᠰᠲᠡᠬᠡᠨ ᠰᠣᠨᠢᠨ ᠪᠣᠯᠭᠠᠨ ᠶᠠᠷᠢᠵᠤ᠂ ᠭᠠᠪᠵᠤ ᠭᠤᠸᠠᠢ ᠭᠡᠵᠤ ᠳᠤᠤᠭᠤᠷ ᠬᠠᠷᠠᠨ᠂ ᠵᠠᠢᠰᠠᠩ ᠭᠣᠸᠠᠢ ᠭᠡᠵᠦ ᠳᠣᠷᠣᠢ ᠳᠤᠤᠭᠠᠷᠤᠭᠰᠠᠭᠠᠷ ᠵᠤᠤᠬᠠᠨ᠎ᠤ ᠬᠠᠵᠠᠭᠤ᠎ᠳᠤ ᠰᠠᠭᠤᠨ᠎ᠠ᠃ ᠠᠪᠠᠭᠠᠢ ᠬᠡᠦᠬᠡᠳ᠎ᠡᠴᠡ ᠠᠶᠠᠭ᠎ᠠ ᠲᠠᠷᠠᠭ᠂ ᠬᠡᠰᠡᠭ ᠬᠤᠰᠤᠮ ᠣᠯᠵᠤ ᠢᠳᠡᠭᠡᠳ᠂ ᠳᠡᠨᠳᠡ᠎ᠡᠴᠡ ᠭᠠᠷᠴᠦ ᠪᠠᠶᠠᠨ ᠪᠠᠯᠵᠢᠷᠤᠨᠳᠤ ᠤᠨᠠᠭ᠎ᠠ ᠳᠠᠲᠠᠵᠤ ᠥᠭᠴᠦ᠂ ᠭᠡᠳᠡᠰᠦ ᠣᠯᠵᠤ ᠢᠳᠡᠨ ᠨᠢᠭᠡ ᠦᠳᠡᠰᠢ ᠭᠢ ᠳᠠᠭᠤᠰᠬᠠᠨ᠎ᠠ᠃
ᠬᠡᠳᠦᠢᠪᠡᠷ ᠤᠬᠠᠭᠠᠨ ᠰᠡᠷᠭᠦᠯᠡᠩ ᠪᠣᠯᠪᠠᠴᠤ᠂ ᠵᠡᠭᠦᠨ ᠬᠤᠰᠢᠭᠤᠨ᠎ᠤ ᠵᠠᠬ᠎ᠠ᠎ᠳᠤ ᠬᠦᠷᠦᠭᠰᠡᠨ ᠦᠭᠡᠢ᠂ ᠪᠠᠷᠠᠭᠤᠨ ᠮᠥᠷᠡᠨ᠎ᠦ ᠳᠡᠷᠲᠡᠭᠡ ᠭᠠᠷᠤᠭᠰᠠᠨ ᠦᠭᠡᠢ᠂ ᠵᠥᠪᠬᠡᠨ ᠭᠤᠷᠪᠠ ᠳᠥᠷᠪᠡᠨ ᠥᠷᠲᠡᠭᠡ᠂ ᠡᠷᠭᠢᠨ ᠲᠣᠭᠤᠷᠢᠨ ᠭᠠᠵᠠᠷ᠎ᠤᠨ ᠳᠣᠲᠤᠷ᠎ᠠ ᠣᠷᠤᠰᠢᠨ ᠰᠠᠭᠤᠭᠰᠠᠨ ᠲᠤᠯᠠ᠂ ᠶᠠᠭᠤ ᠦᠵᠡᠵᠦ ᠮᠡᠳᠡᠵᠦ᠂ ᠶᠠᠭᠤ ᠣᠯᠵᠤ ᠰᠣᠨᠤᠰᠬᠤ ᠠᠵᠢ᠃ ᠨᠠᠰᠦ ᠬᠡᠳᠦᠢᠪᠡᠷ ᠵᠠᠯᠠᠭᠤ ᠪᠣᠯᠪᠠᠴᠤ ᠦᠭᠡᠭᠦᠦ ᠶᠠᠳᠠᠭᠤ᠂ ᠥᠨᠦᠴᠢᠨ ᠪᠠᠯᠴᠢᠷ ᠲᠤᠯᠠ ᠨᠤᠲᠤᠭ ᠰᠣᠮᠤ᠎ᠶᠢᠨ ᠬᠡᠳᠦᠨ ᠠᠢᠯ᠎ᠳᠤ ᠡᠭᠡᠯᠵᠢᠯᠡᠨ ᠵᠠᠷᠤᠭᠳᠠᠭᠰᠠᠭᠠᠷ ᠣᠯᠢᠭ᠋ ᠲᠠᠢ ᠠᠵᠤ ᠠᠮᠢᠳᠤᠷᠠᠯ᠎ᠤᠨ ᠵᠠᠮ᠎ᠢ ᠨᠢᠭᠡᠨᠲᠡ ᠠᠯᠳᠠᠵᠠᠢ᠃
ᠡᠪᠦᠯ᠎ᠦᠨ ᠬᠦᠢᠲᠡᠨ᠎ᠢ ᠠᠳᠤᠭᠤ ᠮᠠᠨᠠᠵᠤ ᠥᠩᠭᠡᠷᠡᠭᠦᠯᠵᠤ᠂ ᠵᠤᠨ᠎ᠤ ᠬᠠᠯᠠᠭᠤᠨ᠎ᠢ ᠬᠤᠨᠢ ᠬᠠᠷᠢᠭᠤᠯᠵᠤ ᠬᠡᠲᠦᠯᠬᠦ ᠪᠦᠭᠡᠳ᠂ ᠨᠠᠮᠤᠷ ᠢᠴᠢᠵᠤ᠂ ᠬᠠᠪᠤᠷ ᠭᠠᠷᠣᠭ᠍ᠴᠢ ᠲᠠᠷᠪᠠᠭᠠᠨ᠎ᠠᠴᠠ ᠵᠣᠪᠠᠯᠠᠩ ᠲᠠᠢ᠎ᠪᠠᠷ ᠣᠨ ᠵᠢᠯ ᠨᠣᠭ᠌ᠴᠢᠭᠡᠨᠡ᠃
ᠡᠪᠦᠭᠡᠳ ᠬᠥᠭᠰᠢᠳ᠎ᠦᠨ ᠦᠭᠡᠨ᠎ᠡᠴᠡ ᠥᠭᠡᠷ᠎ᠡ ᠦᠨᠡᠨ ᠶᠠᠭᠤᠮ᠎ᠠ ᠦᠭᠡᠢ᠂ ᠡᠪᠦᠯᠵᠢᠶ᠎ᠡ ᠵᠣᠪᠠᠯᠠᠩ ᠬᠠᠪᠤᠷᠵᠢᠶ᠎ᠠ ᠨᠠᠮᠤᠷᠵᠢᠶ᠎ᠠ ᠡᠨᠡ ᠳᠥᠷᠪᠡ᠎ᠡᠴᠡ ᠴᠢᠨᠠᠭ᠍ᠰᠢ ᠶᠠᠪᠤᠬᠤJ ᠭᠠᠷ ᠦᠭᠡᠢ ᠭᠡᠵᠦ ᠰᠠᠨᠠᠵᠤ᠂ ᠬᠥᠮᠦᠷᠢᠭᠰᠡᠨ ᠲᠣᠭᠤᠭᠠᠨ᠎ᠤ ᠳᠣᠲᠤᠷᠠᠬᠢ ᠲᠠᠢ ᠠᠳᠠᠯᠢ ᠬᠥᠳᠡᠭᠡ᠎ᠶᠢᠨ ᠪᠦᠳᠦᠭᠦᠯᠢᠭ ᠪᠠᠢᠳᠠᠯ᠎ᠳᠤ ᠬᠥᠮᠦᠵᠢᠨᠡ᠃ ᠶᠠᠭᠤᠲᠠᠢ ᠭᠣᠮᠤᠳᠠᠯ ᠲᠠᠢ ᠵᠡᠷᠯᠢᠭ ᠠᠮᠢᠳᠤᠷᠠᠯ᠂ ᠬᠠᠢᠷᠠᠯᠠᠯ ᠲᠠᠢ ᠵᠠᠯᠠᠭᠤ ᠨᠠᠰᠤ ᠪᠣᠢ! ᠶᠠᠭᠤᠨ᠎ᠳᠤ ᠰᠢᠨ᠎ᠡ ᠶᠢᠷᠳᠢᠨᠴᠤ᠎ᠶᠢ ᠦᠵᠡᠬᠦ᠎ᠶᠢ ᠥᠯᠦ ᠬᠦᠰᠡᠨ᠎ᠡ ᠪᠣᠢ!
ᠬᠥᠮᠦᠵᠢᠯ᠎ᠦᠨ ᠡᠢᠮᠦ ᠭᠣᠨᠢᠷᠬᠠᠯ ᠲᠠᠢ ᠪᠠᠢᠳᠠᠯ᠎ᠢ ᠬᠠᠭᠤᠴᠢᠨ ᠬᠦᠦ ᠦᠪᠡᠷ᠎ᠢᠶᠡᠨ ᠶᠠᠭᠠᠬᠢᠵᠤ ᠴᠤ᠌ ᠮᠡᠳᠡᠬᠦ ᠪᠢᠯᠡ ᠳᠠ᠃ ᠬᠠᠭᠤᠴᠢᠨ ᠹᠸᠤᠳᠠᠯ ᠪᠠ ᠯᠠᠮᠠ ᠨᠠᠷ᠎ᠤᠨ ᠭᠠᠢ᠎ᠶᠢ ᠮᠦᠨ ᠬᠡᠷᠬᠢᠨ ᠲᠠᠨᠢᠬᠤ ᠪᠢᠯᠡ ᠳᠠ! ᠳᠡᠮᠡᠢ ᠯᠡ ᠳᠠᠳᠤᠭᠰᠠᠨ ᠪᠠᠢᠳᠠᠯ᠎ᠳᠤ ᠠᠪᠲᠠᠭᠳᠠᠵᠤ᠂ ᠵᠣᠪᠠᠯᠠᠩ ᠨᠢ ᠵᠢᠷᠭᠠᠯ᠂ ᠵᠡᠷᠯᠢᠭ ᠨᠢ ᠴᠡᠩᠬᠡᠯ ᠪᠣᠯᠤᠭᠠᠳ ᠨᠢᠭᠡ ᠤᠯᠤᠰ ᠶᠡᠬᠡᠩᠬᠢ᠎ᠳᠡᠭᠡᠨ ᠬᠠᠭᠤᠴᠢᠨ ᠬᠦᠦ᠎ᠶᠢᠨ ᠠᠳᠠᠯᠢ ᠨᠢᠳᠦ᠎ᠪᠡᠨ ᠠᠨᠢᠵᠤ᠂ ᠴᠢᠬᠢ᠎ᠪᠡᠨ ᠪᠦᠭᠯᠡᠨ᠂ ᠶᠢᠷᠳᠢᠨᠴᠤ ᠭᠡᠭᠴᠢ ᠴᠣᠬᠤᠮ ᠶᠠᠭᠤ ᠪᠣᠯᠬᠤ᠎ᠶᠢ ᠦᠵᠡᠯ ᠦᠭᠡᠢ᠂ ᠮᠡᠳᠡᠯ ᠦᠭᠡᠢ᠂ ᠬᠥᠨᠳᠡᠢ ᠲᠠᠯ᠎ᠠ᠎ᠳᠤ ᠬᠣᠣᠰ᠎ᠢᠶᠠᠷ ᠬᠣᠴᠤᠷᠬᠤ᠎ᠳᠤ ᠲᠤᠯᠵᠠᠢ᠃
ᠭᠡᠲᠡᠯ᠎ᠡ ᠬᠠᠭᠤᠴᠢᠨ ᠬᠦᠦ᠎ᠶᠢᠨ ᠨᠢᠭᠡ ᠨᠥᠬᠦᠷ ᠨᠢ ᠬᠣᠪᠢᠰᠬᠠᠯ᠎ᠤᠨ ᠫᠣᠣ᠎ᠶᠢ ᠲᠠᠯᠪᠢᠭ᠍ᠰᠠᠨ ᠡᠳᠦᠷ᠎ᠡᠴᠡ ᠡᠬᠢᠯᠡᠨ᠂ ᠬᠥᠮᠦᠷᠢᠭᠰᠡᠨ ᠲᠣᠭᠤᠭᠠᠨ᠎ᠤ ᠳᠤᠲᠤᠷ᠎ᠠ ᠭᠡᠷᠡᠯ ᠲᠤᠰᠴᠤ ᠨᠢᠭᠡ ᠠᠢᠮᠠᠭ ᠰᠡᠷᠢᠪᠡ᠃ ᠲᠡᠭᠷᠢ᠎ᠶᠢᠨ ᠬᠠᠶᠠᠭᠠᠨ᠎ᠠᠴᠠ ᠴᠢᠨᠠᠭ᠍ᠰᠢ ᠭᠠᠵᠠᠷ ᠪᠠᠢᠳᠠᠭ᠎ᠢ ᠮᠡᠳᠡᠵᠤ᠂ ᠲᠠᠪᠤᠨ ᠳᠠᠯᠠᠢ᠂ ᠲᠠᠪᠤᠨ ᠲᠢᠪ᠎ᠢ ᠲᠠᠨᠢᠨ᠂ ᠰᠢᠨ᠎ᠡ ᠶᠢᠷᠳᠢᠨᠴᠤ ᠳᠡᠭᠡᠷ᠎ᠡ ᠬᠠᠮᠲᠤ ᠶᠠᠪᠤᠬᠤ ᠵᠠᠮ᠎ᠢ ᠨᠡᠬᠡᠭᠡᠪᠡ᠃
ᠬᠥᠬᠡ ᠮᠣᠩᠭᠣᠯ ᠨᠢ ᠤᠯᠠᠭᠠᠨ ᠮᠣᠩᠭᠣᠯ ᠪᠣᠯᠪᠠ᠃
ᠬᠠᠭᠤᠴᠢᠨ ᠬᠦᠦ ᠰᠢᠨ᠎ᠡ ᠬᠦᠦ ᠪᠣᠯᠪᠠ᠃ ᠶᠠᠭᠤᠲᠠᠢ ᠪᠠᠶᠠᠷ᠂ ᠶᠠᠭᠤᠲᠠᠢ ᠵᠠᠪᠰᠢᠶᠠᠨ!