返回

  ᠲᠤᠩᠭᠠᠯᠠᠭ ᠲᠠᠮᠢᠷ
– ᠴ᠂ ᠯᠤᠳᠤᠢᠳᠠᠮᠪᠠ
 

      ᠨᠢᠭᠡ — ᠵᠢᠷᠭᠤᠭ᠎ᠠ

     ᠪᠤᠯᠠᠭᠠᠨ ᠠᠭᠤᠯᠠ᠎ᠶᠢᠨ ᠤᠷᠤᠢ᠎ᠪᠠᠷ ᠭᠠᠷᠴᠤ ᠢᠷᠡᠭᠰᠡᠨ ᠪᠥᠭᠡᠮ ᠪᠥᠭᠡᠮ ᠬᠠᠷ᠎ᠠ ᠡᠭᠦᠯᠡ ᠵᠠᠶ᠎ᠠ ᠪᠠᠨᠳᠢᠳᠠ᠎ᠶᠢᠨ ᠬᠦᠷᠢᠶᠡᠨ ᠳᠡᠭᠡᠭᠦᠷ ᠰᠡᠭᠦᠳᠡᠷ ᠲᠠᠳᠠᠭᠤᠯᠤᠨ ᠨᠡᠭᠦᠭᠰᠡᠭᠡᠷ ᠦᠳᠡ᠎ᠶᠢᠨ ᠬᠢᠷᠢ᠎ᠳᠦ ᠲᠡᠭᠷᠢ ᠪᠦᠷ ᠪᠦᠷᠬᠦᠵᠦ ᠰᠢᠷᠦᠭᠦᠨ ᠪᠤᠷᠤᠭᠠᠨ ᠤᠷᠤᠯ᠎ᠠ᠃
     ᠬᠦᠷᠢᠶᠡᠨ᠎ᠦ ᠭᠤᠳᠤᠮᠵᠢ᠎ᠳᠤ ᠬᠦᠯ ᠲᠠᠰᠤᠷᠠᠨ᠂ ᠭᠠᠳᠠᠨ᠎ᠠ᠎ᠠᠴᠠ ᠬᠠᠷᠠᠬᠤ᠎ᠳᠤ ᠪᠤᠷᠤᠭᠠᠨ᠎ᠳᠤ ᠱᠠᠯᠠᠪ ᠴᠣᠬᠢᠭᠤᠯᠤᠭᠰᠠᠨ ᠬᠡᠳᠦᠨ ᠨᠤᠬᠠᠢ᠎ᠠᠴᠠ ᠦᠭᠡᠷ᠎ᠡ ᠠᠮᠢᠳᠤ ᠠᠮᠢᠲᠠᠨ ᠦᠭᠡᠢ ᠮᠡᠳᠦ ᠪᠣᠯᠪᠠᠴᠤ ᠦᠨᠡᠨ᠎ᠳᠡᠭᠡᠨ ᠲᠡᠢᠮᠦ ᠪᠢᠰᠢ᠂ ᠠᠮᠢᠳᠤᠷᠠᠯ ᠥᠪᠡᠷ᠎ᠦᠨ ᠬᠠᠤᠯᠢ᠎ᠪᠠᠷ ᠤᠷᠤᠰᠴᠤ ᠪᠠᠢᠵᠠᠢ᠃
     ᠲᠤᠮᠤ ᠬᠠᠰᠢᠶᠠᠨ᠎ᠤ ᠬᠤᠢᠲᠤ ᠲᠠᠯ᠎ᠠ᠎ᠳᠤ ᠪᠤᠵᠠᠭᠠᠷ ᠲᠤᠬᠢᠯᠢᠭ᠋ ᠪᠠᠷᠢᠭ᠍ᠰᠠᠨ ᠵᠤᠨ᠎ᠤ ᠮᠤᠳᠣᠨ ᠪᠠᠢᠰᠢᠩ᠎ᠳᠦ ᠬᠤᠶᠠᠷ ᠯᠠᠮᠠ ᠳᠤᠮᠳᠠ᠎ᠪᠠᠨ ᠲᠤᠮᠤ ᠸᠠᠭᠠᠷ ᠲᠠᠢ ᠱᠤᠤᠭᠢᠭ᠍ᠰᠠᠨ ᠠᠢᠷᠠᠭ ᠲᠠᠯᠪᠢᠭᠠᠳ ᠬᠢᠳᠠᠳ ᠨᠠᠷᠢᠨ ᠱᠠᠵᠠᠩ᠎ᠳᠤ ᠲᠦᠭᠦᠷᠡᠩ ᠳᠦᠭᠦᠷᠡᠩ ᠬᠢᠵᠦ ᠤᠤᠭᠤᠨ᠎ᠠ᠃
     ᠥᠨᠳᠥᠷ ᠭᠤᠸᠠᠯᠢᠭ᠋ ᠪᠡᠶ᠎ᠡ ᠲᠠᠢ᠂ ᠲᠤᠩᠭᠠᠯᠠᠭ ᠴᠠᠭᠠᠨ ᠴᠢᠷᠠᠢ ᠲᠠᠢ ᠰᠢᠨ᠎ᠡ ᠬᠦᠷᠡᠩ ᠲᠠᠷᠮᠠᠨ ᠳᠡᠪᠡᠯ ᠲᠡᠭᠡᠷ᠎ᠡ ᠰᠢᠷ᠎ᠠ ᠬᠢᠶᠠᠷᠠᠭ ᠣᠷᠢᠶᠠᠭᠰᠠᠨ ᠲᠡᠭᠵᠢᠨ ᠯᠠᠮᠠ᠎ᠶᠢ ᠴᠠᠮᠪᠠ ᠭᠡᠳᠡᠭ ᠪᠦᠭᠡᠳ ᠡᠨᠡ ᠵᠢᠯ ᠬᠤᠷᠢᠨ ᠭᠤᠷᠪᠡᠨ ᠨᠠᠰᠦ ᠬᠦᠷᠴᠡᠢ᠃ ᠨᠥᠭᠦᠭᠡ ᠨᠢ ᠭᠠᠵᠠᠷ ᠱᠠᠭᠠᠢᠭ᠍ᠰᠠᠨ ᠬᠤᠷᠴᠠ ᠨᠢᠳᠦ ᠲᠠᠢ᠂ ᠲᠣᠷᠠᠩᠬᠠᠢ ᠬᠠᠳᠠᠭ᠍ᠬᠢᠷ ᠪᠡᠶ᠎ᠡ ᠲᠠᠢ ᠨᠡᠷ᠎ᠡ ᠵᠠᠮᠪᠠᠯ ᠭᠡᠳᠡᠭ᠂᠂ ᠨᠠᠰᠦ᠎ᠪᠠᠷ ᠴᠠᠮᠪᠠ᠎ᠶᠢᠨ ᠦᠶ᠎ᠡ ᠠᠵᠢ᠃
     ᠡᠨᠡ ᠬᠤᠶᠠᠷ ᠵᠠᠶ᠎ᠠ᠎ᠶᠢᠨ ᠬᠦᠷᠢᠶᠡᠨ᠎ᠦ ᠤᠨᠠᠭᠠᠨ ᠱᠠᠪᠢ ᠪᠢᠰᠢ᠃ ᠴᠠᠮᠪᠠ ᠯᠤᠤ ᠭᠥᠩ᠎ᠦᠨ ᠬᠦᠷᠢᠶᠡᠨ ᠳᠡᠭᠡᠷ᠎ᠡ ᠪᠠᠭ᠎ᠠ᠎ᠠᠴᠠ᠎ᠪᠠᠨ ᠰᠠᠭᠤᠵᠤ ᠪᠠᠢᠭᠠᠳ ᠵᠠᠶ᠎ᠠ᠎ᠶᠢᠨ ᠬᠦᠷᠢᠶᠡᠨ᠎ᠳᠦ ᠪᠠᠢᠭ᠍ᠰᠠᠨ ᠨᠠᠭᠠᠴᠦ ᠠᠬ᠎ᠠ ᠯᠠᠮᠠ ᠨᠢ ᠦᠬᠦᠵᠦ ᠲᠡᠭᠦᠨ᠎ᠦ ᠬᠥᠷᠦᠩᠭᠡ ᠳᠡᠭᠡᠷ᠎ᠡ ᠢᠷᠡᠵᠠᠢ᠃ ᠡᠴᠢᠭᠡ ᠭᠤᠮᠪᠣ ᠲᠠᠢᠵᠢ ᠨᠢ ᠯᠤᠤ ᠭᠦᠩ᠎ᠦᠨ ᠬᠣᠰᠢᠭᠤ ᠲᠤᠰᠠᠯᠠᠭ᠍ᠴᠢ ᠪᠠᠢᠭᠠᠳ ᠳᠡᠭᠡᠳᠦ ᠨᠤᠶᠠᠨ ᠦᠬᠦᠵᠦ᠂ ᠠᠭᠡ ᠨᠤᠶᠠᠨ ᠰᠢᠷᠡᠭᠡᠨ᠎ᠳᠦ ᠰᠠᠭᠣᠬᠣ᠌᠎ᠳᠤ ᠤᠭᠴᠤᠷᠵᠠᠢ᠃ ᠭᠡᠬᠦ᠎ᠳᠡᠭᠡᠨ ᠣᠳᠣ᠌ ᠴᠤ᠌ ᠭᠡᠰᠡᠨ ᠬᠤᠰᠢᠭᠤᠨ᠎ᠤ ᠬᠡᠷᠡᠭ᠎ᠲᠦ ᠨᠥᠯᠤᠭᠡ ᠲᠠᠢ ᠬᠦᠮᠦᠨ᠎ᠦ ᠨᠢᠭᠡ ᠶᠤᠮ᠃
     ᠵᠠᠮᠪᠠᠯ ᠪᠣᠯ ᠤᠤᠯ ᠨᠢ ᠳᠠᠯᠠᠢᠴᠤᠢᠩᠬᠤᠷ ᠸᠠᠩ᠎ᠤᠨ ᠬᠤᠰᠢᠭᠤᠨ᠎ᠤ ᠬᠦᠮᠦᠨ ᠪᠦᠭᠡᠳ ᠪᠤᠭᠳᠠ᠎ᠶᠢᠨ ᠬᠦᠷᠢᠶᠡᠨ ᠳᠡᠭᠡᠷ᠎ᠡ ᠠᠷᠪᠠᠨ ᠨᠠᠰᠤᠲᠠᠢ᠎ᠠᠴᠠ᠎ᠪᠠᠨ ᠡᠬᠢᠯᠡᠵᠤ ᠰᠠᠭᠤᠭᠠᠳ ᠠᠷᠪᠠᠨ ᠨᠠᠢ᠍ᠮᠠᠨ ᠨᠠᠰᠤᠨ᠎ᠳᠠᠭᠠᠨ ᠪᠤᠭᠳᠠ᠎ᠶᠢᠨ ᠬᠦᠷᠢᠶ᠎ᠡ ᠣᠷᠣᠵᠤ ᠭᠠᠩᠳᠠᠨ ᠳᠡᠭᠡᠷ᠎ᠡ ᠰᠠᠭᠤᠵᠠᠢ᠃ ᠵᠠᠮᠪᠠᠯ ᠰᠠᠩ ᠠᠮᠪᠠᠨ᠎ᠤ ᠵᠤᠤᠰᠠ ᠣᠷᠣᠭᠣ᠌ ᠴᠢᠯᠠᠭᠤ ᠨᠡᠭᠦᠯᠭᠡᠨ ᠳᠡᠭᠠᠷᠢᠭ᠍ᠰᠠᠨ ᠯᠠᠮᠠ ᠨᠠᠷ᠎ᠤᠨ ᠬᠡᠷᠡᠭ᠂ ᠠᠮᠪᠠᠨ᠎ᠢ ᠬᠦᠷᠢᠶᠡᠨ᠎ᠡᠴᠡ ᠬᠥᠭᠡᠭᠡᠬᠦ᠎ᠳᠦ ᠤᠷᠤᠯᠴᠠᠵᠤ ᠶᠠᠪᠤᠭᠠᠳ ᠬᠤᠶᠠᠷ ᠵᠢᠯ᠎ᠦᠨ ᠡᠮᠦᠨ᠎ᠡ ᠵᠠᠶ᠎ᠠ᠎ᠶᠢᠨ ᠬᠦᠷᠢᠶᠡᠨ᠎ᠳᠦ ᠢᠷᠡᠵᠠᠢ᠃
     ᠵᠠᠶ᠎ᠠ᠎ᠶᠢᠨ ᠬᠦᠷᠢᠶᠡᠨ᠎ᠦ ᠰᠠᠩ᠎ᠤᠨ ᠨᠢᠷᠪᠠ᠂ ᠳᠠᠯᠠᠢᠴᠣᠢᠩᠬᠤᠷ ᠸᠠᠩ᠎ᠤᠨ ᠬᠣᠰᠢᠭᠤᠨ᠎ᠳᠤ ᠶᠠᠪᠤᠵᠤ ᠪᠠᠢᠬᠤ᠎ᠳᠠᠭᠠᠨ ᠨᠢᠭᠡ ᠵᠠᠯᠠᠭᠤ ᠪᠦᠰᠡᠭᠦᠢ ᠲᠠᠢ ᠬᠣᠯᠪᠤᠭ᠎ᠠ ᠲᠠᠢ ᠪᠣᠯᠵᠤ ᠵᠠᠮᠪᠠᠯ ᠭᠡᠳᠡᠭ ᠬᠥᠮᠥᠨ ᠶᠡᠷᠳᠢᠨᠴᠦ᠎ᠳᠦ ᠲᠦᠷᠦᠵᠡᠢ᠃ ᠦᠯᠡᠮᠵᠢ ᠬᠦᠷᠦᠩᠭᠡ ᠲᠠᠢ ᠨᠢᠷᠪᠠ ᠨᠠᠰᠤ ᠬᠦᠭᠰᠢᠷᠡᠬᠦ᠎ᠳᠡᠭᠡᠨ ᠶᠠᠰᠤ ᠮᠢᠬᠠᠨ᠎ᠤ ᠲᠠᠰᠤᠷᠬᠠᠢ ᠪᠣᠯᠣᠭᠰᠠᠨ ᠵᠠᠮᠪᠠᠯ᠎ᠢ ᠲᠠᠳᠠᠵᠤ ᠢᠷᠡᠭᠦᠯᠵᠠᠢ᠃
     – ᠮᠠᠨ᠎ᠤ ᠡᠨᠡ ᠣᠯᠠᠨ᠎ᠠ ᠡᠷᠭᠦᠭᠳᠡᠭᠰᠡᠨ ᠲᠦᠷᠦ᠂ ᠣᠯᠠᠨ᠎ᠠ ᠢᠳᠡᠭᠳᠡᠭᠰᠡᠨ ᠰᠡᠭ ᠪᠣᠯᠤᠨ᠎ᠠ ᠰᠢᠦ ᠭᠡᠵᠤ ᠵᠠᠮᠪᠠᠯ ᠠᠢᠷᠠᠭ ᠤᠤᠭᠤᠬᠤ ᠵᠠᠭᠤᠷ᠎ᠠ ᠬᠡᠯᠡᠪᠡ᠃
     – ᠲᠡᠢᠮᠦ ᠭᠡᠵᠤ ᠦᠦ? ᠣᠷᠤᠢ ᠳᠡᠭᠡᠷ᠎ᠡ ᠪᠣᠭᠳᠠ ᠭᠡᠭᠡᠨ ᠵᠠᠯᠠᠷᠠᠵᠤ ᠪᠠᠢᠭ᠍ᠰᠠᠨ ᠴᠠᠭ᠎ᠲᠤ ᠭᠠᠢᠭᠤᠢ ᠪᠠᠢᠬ᠎ᠠ᠃
     – ᠪᠢ ᠮᠡᠳᠡᠯ ᠲᠠᠢ ᠰᠠᠨ ᠪᠣᠯ ᠳᠠ᠃ ᠬᠠᠯᠬ᠎ᠠ᠎ᠶᠢᠨ ᠡᠷ᠎ᠡ ᠰᠦᠪᠡ ᠲᠠᠢ ᠪᠦᠬᠦᠨ᠎ᠢ ᠴᠦᠮ᠎ᠢ ᠴᠡᠷᠢᠭ᠎ᠲᠦ ᠳᠠᠢᠴᠢᠯᠠᠵᠤ ᠬᠦᠳᠠᠯᠪᠡᠯ ᠬᠤᠭᠤᠷᠤᠨᠳᠤ ᠪᠡᠨ ᠮᠡᠷᠡᠯᠴᠡᠵᠦ ᠬᠦᠴᠦ ᠨᠢ ᠰᠤᠯᠠᠷᠠᠭᠰᠠᠨ ᠬᠢᠳᠠᠳ᠎ᠢ ᠰᠠᠨᠳᠤᠷᠤᠭᠤᠯᠵᠤ ᠪᠣᠯᠬᠤ ᠯᠡ ᠪᠠᠢᠭ᠍ᠰᠠᠨ ᠳᠠ᠃
     – ᠴᠢ ᠴᠤ᠌ ᠳᠠᠯᠠᠢ ᠰᠢᠭ᠋ ᠶᠠᠭᠤᠮ᠎ᠠ ᠪᠣᠳᠤᠵᠤ ᠶᠠᠪᠤᠳᠠᠭ ᠭᠠᠢᠬᠠᠯ ᠪᠠᠢᠨ᠎ᠠ᠃
     – ᠳᠠᠯᠠᠢ ᠰᠢᠭ᠋ ᠮᠦᠷᠲᠡᠯ᠎ᠡ ᠪᠡᠨ ᠵᠡᠷᠭᠡᠯᠭᠡᠨ ᠰᠢᠭ᠌ ᠬᠤᠭᠤᠰᠤᠨ᠁ ᠵᠠ᠂ ᠲᠦᠷᠦ᠎ᠶᠢᠨ ᠲᠦᠯᠦᠭᠡ ᠤᠭᠤᠳᠤᠨ᠎ᠠ ᠭᠡᠭᠴᠢ᠎ᠪᠡᠷ ᠲᠡᠷᠡ ᠴᠤ᠌ ᠶᠠᠭᠠᠮᠠᠢ᠃ ᠬᠠᠷᠢᠨ ᠤᠳᠠᠬᠤ ᠦᠭᠡᠢ ᠯᠤᠤ ᠬᠦᠩ᠎ᠦᠨ ᠬᠣᠰᠢᠭᠤ ᠨᠠᠭᠠᠳᠤᠮ ᠪᠣᠯᠬᠤ ᠭᠡᠨ᠎ᠡ ᠪᠢᠯᠡ᠂ ᠶᠠᠪᠤᠨ᠎ᠠ ᠰᠢᠦ᠃
     – ᠶᠠᠪᠤᠨ᠎ᠠ᠃ ᠪᠢ ᠤᠨᠤᠭ᠎ᠠ ᠭᠡᠵᠦ ᠬᠡᠯᠡ ᠥᠭᠭᠦᠭᠰᠡᠨ᠃
     ᠵᠠᠮᠪᠠᠯ ᠨᠡᠬᠡᠭᠡᠯᠲᠡ ᠲᠠᠢ ᠭᠡᠭᠡᠪᠴᠢ ᠤᠷᠤᠭᠤ ᠠᠵᠢᠭ᠍ᠯᠠᠨ ᠨᠢᠳᠦ ᠪᠡᠨ ᠴᠠᠪᠴᠢᠯᠠᠨ ᠰᠠᠭᠤᠪᠠ᠃ << ᠬᠡᠷᠪᠡ ᠪᠢ ᠪᠣᠭᠳᠠ᠎ᠶᠢᠨ ᠣᠷᠣᠨ᠎ᠳᠤ ᠪᠠᠢᠭ᠍ᠰᠠᠨ ᠪᠣᠯ ᠱᠠᠮᠪᠠᠯ᠎ᠤᠨ ᠳᠠᠢᠨ ᠪᠤᠯᠪᠠ ᠭᠡᠵᠦ ᠯᠦᠨᠳᠥᠩ ᠪᠠᠭᠤᠯᠭᠠᠭᠠᠳ ᠮᠣᠩᠭᠣᠯ᠎ᠤᠨ ᠡᠷ᠎ᠡ ᠬᠦᠮᠦᠨ᠂ ᠮᠣᠷᠢ ᠪᠦᠬᠦᠨ᠎ᠢ ᠳᠠᠢᠴᠢᠯᠠᠵᠤ ᠠᠪᠤᠷᠭᠤ ᠲᠣᠮᠤ ᠮᠣᠩᠭᠣᠯ ᠤᠯᠤᠰ᠎ᠢ ᠪᠠᠢᠭᠤᠯᠬᠤ ᠪᠠᠢᠭ᠍ᠰᠠᠨ ᠰᠠᠨ >> ᠭᠡᠵᠦ ᠪᠤᠳᠤᠵᠤ ᠪᠠᠢᠬᠤ᠎ᠳᠤ ᠶᠡᠬᠡ ᠴᠡᠷᠢᠭ ᠵᠠᠬᠢᠷᠤᠨ ᠡᠷᠳᠡᠨᠢᠰ᠎ᠦᠨ ᠳᠡᠭᠡᠳᠦ᠎ᠶᠢ ᠡᠳ᠋ᠯᠡᠵᠦ᠂ ᠠᠷᠢᠬᠢᠨ᠎ᠤ ᠳᠡᠭᠡᠳᠦ᠎ᠶᠢ ᠤᠤᠭᠤᠵᠤ᠂ ᠡᠬᠡᠨᠡᠷ᠎ᠦᠨ ᠰᠠᠢᠬᠠᠨ ᠲᠠᠢ ᠵᠢᠷᠭᠠᠵᠤ ᠪᠠᠢᠭ᠎ᠠ ᠪᠦᠳᠡᠬᠢ ᠮᠠᠨᠠᠨ ᠲᠤᠯᠤᠭᠠᠢ ᠳ᠋ᠤᠨᠢ ᠤᠷᠤᠨ ᠭᠠᠷᠤᠨ ᠪᠠᠢᠯ᠎ᠠ᠃
     – ᠵᠠ᠂ ᠶᠠᠪᠤᠶ᠎ᠠ ᠭᠡᠳ ᠵᠠᠮᠪᠠᠯ᠎ᠤᠨ ᠪᠣᠰᠬᠤ᠎ᠳᠤ ᠴᠠᠮᠪᠠ ᠵᠤᠪᠠᠮᠠᠳᠠᠭᠠᠢ ᠢᠨᠢᠶᠡᠮᠰᠦᠭᠯᠡᠭᠰᠡᠨ᠎ᠢᠶᠡᠨ 《 ᠡᠪᠦᠭᠡᠨ ᠴᠢᠨᠢ ᠢᠴᠢᠭᠡᠳ ᠪᠠᠢᠨ᠎ᠠ᠃ ᠪᠦᠷᠦᠩᠭᠦᠢ ᠪᠤᠯᠭᠠᠵᠤ ᠶᠠᠪᠤᠶ᠎ᠠ᠃ ᠯᠠᠮᠠ ᠨᠠᠷ ᠮᠡᠳᠡᠪᠡᠯ ᠪᠠᠯᠠᠷᠠᠯ᠎ᠠ ᠰᠢᠦ 》 ᠭᠡᠬᠦ ᠳ᠋ᠤᠨᠢ ᠵᠠᠮᠪᠠᠯ ᠬᠦᠭᠵᠢᠭᠦᠨ ᠢᠨᠢᠶᠡᠮᠰᠦᠭᠯᠡᠪᠡ᠃
     – ᠬᠠᠷ᠎ᠠ ᠬᠡᠷᠢᠶ᠎ᠡ ᠪᠡᠶ᠎ᠡ ᠪᠡᠶ᠎ᠡ᠎ᠶᠢᠨ ᠬᠠᠷ᠎ᠠ᠎ᠶᠢ ᠭᠠᠢᠬᠠᠪᠠ ᠭᠡᠭᠴᠢ᠎ᠪᠡᠷ ᠬᠡᠨ ᠨᠢ ᠬᠡᠨ᠎ᠢ᠎ᠪᠡᠨ ᠱᠤᠤᠯᠠᠬᠤ ᠪᠢᠯᠡ ᠳᠠ᠂ ᠶᠠᠪᠤᠶ᠎ᠠ ᠭᠡᠯ᠎ᠡ᠃
     ᠢᠩᠬᠢᠭᠡᠳ ᠵᠠᠮᠪᠠᠯ ᠲᠥᠷᠦᠭᠦᠯᠡᠨ ᠭᠠᠷᠴᠤ ᠪᠠᠢᠰᠢᠩ ᠬᠠᠰᠢᠶ᠎ᠠ ᠪᠡᠨ ᠲᠤᠮᠤ ᠬᠠᠷ᠎ᠠ ᠴᠣᠣᠵᠢ᠎ᠶᠢᠨ ᠮᠡᠳᠡᠯ᠎ᠳᠦ ᠦᠯᠡᠳᠡᠭᠡᠭᠡᠳ ᠬᠦᠷᠢᠶᠡᠨ᠎ᠦ ᠡᠮᠦᠨ᠎ᠡ ᠪᠤᠷᠤᠴᠤᠤᠯ᠎ᠤᠨ ᠬᠤᠷᠢᠶ᠎ᠠ ᠤᠷᠤᠭᠤ ᠶᠠᠪᠦᠵᠠᠢ᠃
     ᠥᠨᠥᠳᠥᠷ ᠵᠠᠮᠪᠠᠯ᠂ ᠴᠠᠮᠪᠠ ᠶᠠᠭ ᠡᠨᠡ ᠮᠡᠲᠦ᠎ᠪᠡᠷ ᠵᠠᠶ᠎ᠠ᠎ᠶᠢᠨ ᠬᠦᠷᠢᠶᠡᠨ᠎ᠦ ᠳᠡᠷᠭᠡᠲᠡ ᠪᠣᠢ ᠪᠣᠯᠣᠭᠰᠠᠨ ᠬᠣᠷᠢᠶᠠᠨ᠎ᠳᠤ ᠰᠠᠭᠤᠳᠠᠭ ᠴᠢᠮᠡᠭ᠂ ᠴᠡᠴᠡᠭ ᠭᠡᠳᠡᠭ ᠬᠣᠶᠠᠷ ᠬᠡᠦᠬᠡᠨ᠎ᠦ᠎ᠳᠦ ᠣᠴᠢᠵᠤ ᠨᠠᠢᠷᠯᠠᠨ ᠰᠠᠮᠠᠭᠤᠷᠠᠬᠤ᠎ᠪᠠᠷ ᠶᠠᠪᠤᠭ᠎ᠠ ᠠᠵᠢ᠃
     ᠡᠨᠡ ᠵᠠᠮ᠎ᠢᠶᠠᠷ ᠠᠩᠬ᠎ᠠ ᠤᠳᠠᠭ᠎ᠠ ᠶᠠᠪᠤᠵᠤ ᠪᠠᠢᠭ᠎ᠠ ᠴᠠᠮᠪᠠ᠎ᠶᠢᠨ ᠰᠡᠳᠬᠢᠯ᠎ᠳᠦ ᠢᠴᠢᠬᠦ ᠬᠦᠰᠡᠬᠦ ᠬᠣᠣᠰᠯᠠᠨ᠂ ᠡᠷᠭᠢᠨ ᠲᠤᠭᠤᠷᠢᠨ᠎ᠢ ᠠᠵᠢᠭ᠍ᠯᠠᠨ᠂ ᠦᠷᠭᠦᠭᠰᠡᠨ ᠵᠡᠭᠡᠷ᠎ᠡ ᠰᠢᠭ᠌ ᠰᠠᠷᠪᠠᠯᠵᠠᠨ ᠨᠢᠭᠤᠷ᠎ᠢᠶᠠᠨ ᠪᠤᠷᠤᠭᠤᠯᠠᠨ ᠶᠠᠪᠤᠵᠠᠢ᠃ ᠬᠠᠷᠢᠨ ᠵᠠᠮᠪᠠᠯ ᠪᠤᠯ ᠡᠭᠡᠯ ᠠᠮᠢᠳᠤᠷᠠᠯ᠎ᠤᠨ ᠠᠮᠲᠠ᠎ᠶᠢ ᠠᠯᠢ ᠡᠷᠲᠡ ᠮᠡᠳᠡᠭᠰᠡᠨ ᠪᠦᠭᠡᠳ ᠡᠨᠡ ᠵᠠᠮ᠎ᠳᠤ ᠭᠤᠲᠤᠯ᠎ᠤᠨ᠎ᠢᠶᠠᠨ ᠤᠯᠠ᠎ᠶᠢ ᠡᠯᠡᠭᠡᠭᠰᠡᠨ ᠬᠦᠮᠦᠨ ᠪᠤᠯᠬᠤᠷ ᠢᠴᠢᠬᠦ ᠵᠤᠪᠠᠬᠤ᠎ᠶᠢ ᠮᠡᠳᠡᠬᠦ ᠦᠭᠡᠢ ᠪᠠᠢᠵᠠᠢ᠃
     ᠬᠦᠷᠡᠩ ᠬᠠᠭᠠᠯᠭ᠎ᠠ ᠲᠠᠢ ᠬᠠᠰᠢᠶᠠᠨ᠎ᠤ ᠡᠭᠦᠳᠡᠨ᠎ᠳᠦ ᠢᠷᠡᠭᠡᠳ ᠵᠠᠮᠪᠠᠯ ᠤᠨᠢᠰᠤᠨ᠎ᠤ ᠤᠷᠲᠤ ᠰᠤᠷ᠎ᠢ ᠲᠠᠲᠠᠬᠤ ᠵᠠᠭᠤᠷ᠎ᠠ ᠴᠠᠮᠪᠠ᠎ᠶᠢ ᠬᠠᠷᠠᠪᠠᠯ ᠴᠠᠭᠠᠨ ᠴᠢᠷᠠᠢ ᠨᠢ ᠤᠯᠠᠭᠠᠨ ᠪᠤᠯᠤᠭᠠᠳ ᠪᠦᠬᠦ ᠪᠡᠶ᠎ᠡ ᠨᠢ ᠲᠤᠭᠲᠠᠨ ᠶᠠᠳᠠᠨ ᠴᠡᠴᠡᠷᠡᠵᠦ ᠪᠠᠢᠯ᠎ᠠ᠃
     – ᠳᠠᠯᠠᠢ ᠪᠠᠢᠪᠠᠯ ᠴᠤ᠌ ᠨᠠᠮᠠᠶ᠋ᠢ ᠬᠠᠷᠠᠮᠠᠭᠴᠠ ᠵᠤᠪᠬᠢ ᠨᠢ ᠪᠠᠭᠤᠭᠠᠳ ᠲᠦᠷᠭᠡᠨ ᠵᠠᠢᠯᠠᠨ᠎ᠠ᠃ ᠮᠢᠳᠤᠭ᠎ᠤᠨ᠎ᠳᠤ ᠲᠠᠭᠠᠷᠢᠯᠳᠤᠵᠤ ᠲᠠᠪᠤᠨ ᠰᠠᠯᠠᠭ᠎ᠠ ᠪᠤᠤᠪᠤ ᠬᠦᠷᠲᠡᠭᠰᠡᠨ᠎ᠡᠴᠡ ᠬᠤᠢᠰᠢ ᠰᠡᠭᠦᠯ᠎ᠢᠶᠡᠨ ᠬᠠᠪᠴᠢᠳᠠᠭ ᠪᠤᠯᠤᠭᠰᠠᠨ᠃ ᠬᠠᠷᠢᠨ ᠪᠤᠶᠠᠨᠲᠤ ᠪᠠᠢᠪᠠᠯ ᠴᠤᠷ ᠴᠤᠷ ᠭᠡᠳ ᠪᠠᠢᠵᠤ ᠮᠠᠭᠠᠳ ᠦᠭᠡᠢ ᠡᠯᠵᠢᠭᠡ ᠰᠢᠦ᠃ ᠰᠢᠭᠤᠳ ᠯᠡ ᠪᠠᠷᠢᠵᠦ ᠠᠪᠤᠭᠠᠳ ᠳᠡᠯᠡᠰᠴᠦ ᠤᠷᠬᠢᠨ᠎ᠠ ᠰᠢᠦ᠃ ᠦᠭᠡᠢ ᠴᠢ ᠠᠶᠤᠭᠠᠳ ᠪᠠᠢᠨ᠎ᠠ ᠦᠦ ᠳᠠ? ᠭᠡᠵᠦ ᠵᠠᠮᠪᠠᠯ ᠠᠰᠠᠭᠤᠪᠠ᠃
     – ᠠᠶᠤᠬᠤ ᠴᠤ᠌ ᠶᠠᠭᠤ ᠪᠠᠢᠬᠤᠪ ᠳᠠ᠁
     – ᠲᠠ ᠲᠦᠷᠦᠭᠦᠯᠡᠭᠡᠳ ᠤᠷᠤ ᠭᠡᠳ ᠬᠠᠭᠠᠯᠭ᠎ᠠ ᠨᠡᠬᠡᠭᠡᠬᠦ᠎ᠳᠦ ᠴᠠᠮᠪᠠ ᠢᠨᠢᠶᠡᠮᠰᠦᠭᠯᠡᠬᠦ ᠮᠡᠲᠦ ᠪᠤᠯᠵᠤ᠂ ᠰᠢᠯᠢ᠎ᠪᠡᠨ ᠮᠠᠭᠠᠵᠢᠭ᠍ᠰᠠᠨ᠎ᠢᠶᠠᠨ ᠤᠷᠲᠤ ᠰᠠᠨᠠᠭ᠎ᠠ ᠠᠯᠳᠠᠭᠠᠳ ᠲᠤᠲᠤᠭ᠍ᠰᠢ᠎ᠪᠠᠨ ᠤᠷᠤᠯ᠎ᠠ᠃
     ᠬᠠᠰᠢᠶᠠᠨ᠎ᠤ ᠪᠠᠷᠠᠭᠤᠨ ᠲᠠᠯ᠎ᠠ᠎ᠳᠤ ᠰᠢᠪᠬᠠᠷᠠᠭᠰᠠᠨ ᠵᠡᠭᠡᠷᠳᠡ ᠮᠣᠷᠢ ᠤᠶᠠᠭ᠎ᠠ ᠲᠠᠢ ᠪᠠᠢᠪᠠ᠃ ᠲᠣᠯᠣᠭᠠᠢ᠎ᠪᠠᠷ᠎ᠢᠶᠠᠨ ᠲᠣᠭᠯᠠᠵᠤ ᠪᠠᠢᠭ᠎ᠠ ᠲᠡᠷᠡ ᠮᠣᠷᠢᠨ᠎ᠤ ᠡᠮᠡᠭᠡᠯ ᠰᠢᠭᠣᠯᠲᠠ ᠲᠠᠢ ᠪᠠᠢᠭ᠎ᠠ᠎ᠶᠢ ᠬᠠᠷᠠᠬᠤ᠎ᠳᠤ ᠡᠵᠡᠨ ᠨᠢ ᠪᠤᠷᠤᠭᠠᠨ᠎ᠠᠴᠠ ᠡᠮᠦᠨ᠎ᠡ ᠪᠤᠶᠤ ᠪᠤᠷᠤᠭᠠᠨ᠎ᠤ ᠦᠶ᠎ᠡ᠎ᠪᠡᠷ ᠢᠷᠡᠵᠠᠢ᠃
     – ᠮᠣᠷᠢ ᠪᠠᠢᠨ᠎ᠠ ᠭᠡᠵᠦ ᠴᠠᠮᠪᠠ ᠰᠢᠪᠡᠨᠡᠪᠡ᠃
     ᠵᠠᠮᠪᠠᠯ ᠶᠠᠪᠤᠳᠠᠯ ᠳᠤᠮᠳᠠ᠎ᠪᠠᠨ ᠮᠣᠷᠢ᠎ᠶᠢ ᠠᠵᠢᠭ᠍ᠯᠠᠨ ᠬᠠᠷᠠᠭᠰᠠᠨ᠎ᠢᠶᠠᠨ << ᠬᠠᠮᠢᠶ᠎ᠠ ᠦᠭᠡᠢ >> ᠭᠡᠳ ᠬᠢᠲᠠᠳ ᠮᠠᠶᠢᠭ᠋᠎ᠤᠨ ᠪᠠᠩᠵᠠᠨ ᠪᠠᠢᠰᠢᠩ ᠤᠷᠤᠭᠤ ᠶᠠᠪᠤᠵᠤ ᠤᠷᠤᠬᠤ᠎ᠳᠤ ᠢᠨᠢᠶᠡᠵᠦ ᠪᠠᠢᠭ᠍ᠰᠠᠨ ᠬᠥᠮᠦᠰ ᠨᠠᠮ ᠬᠥᠮ ᠪᠤᠯᠪᠠ᠃
     ᠡᠵᠡᠳ᠎ᠡᠴᠡ ᠭᠠᠳᠠᠨ᠎ᠠ ᠥᠯᠦ ᠲᠠᠨᠢᠬᠤ ᠨᠢᠭᠡ ᠬᠦᠮᠦᠨ ᠪᠠᠢᠯ᠎ᠠ᠃ ᠵᠠᠬ᠎ᠠ ᠨᠢ ᠵᠠᠳᠠᠭᠠᠢ᠂ ᠬᠦᠷᠡᠩ ᠲᠤᠷᠭᠠᠨ ᠳᠡᠪᠡᠯ ᠲᠠᠢ᠂ ᠲᠦᠷᠡᠢ ᠳ᠋ᠤᠨᠢ ᠳᠥᠷᠦᠭᠡᠨ᠎ᠦ ᠰᠤᠷ᠎ᠤᠨ ᠬᠡᠪ ᠭᠠᠷᠤᠭᠰᠠᠨ ᠯᠤᠤᠴᠢᠨᠳᠠᠢ᠂ ᠲᠤᠭᠲᠠᠵᠤ ᠶᠠᠳᠠᠭᠰᠠᠨ ᠬᠤᠷᠴᠠ ᠨᠢᠳᠦ ᠪᠦᠬᠦᠢ ᠴᠤᠭ ᠡᠷ᠎ᠡ ᠬᠠᠨᠵᠤᠨ ᠳᠡᠭᠡᠷ᠎ᠡ ᠵᠡᠭᠦᠨ ᠡᠪᠦᠳᠦᠭ᠎ᠢᠶᠡᠨ ᠨᠤᠭᠤᠯᠤᠨ ᠰᠠᠭᠤᠭᠠᠳ ᠡᠮᠦᠨ᠎ᠡ᠎ᠪᠡᠨ ᠲᠠᠯᠪᠢᠭ᠍ᠰᠠᠨ ᠲᠠᠷᠭᠤᠨ ᠮᠢᠬ᠎ᠠ᠎ᠠᠴᠠ ᠲᠤᠮᠤ ᠲᠤᠮᠤ ᠤᠭᠲᠤᠯᠤᠨ ᠢᠳᠡᠵᠤ ᠪᠠᠢᠪᠠ᠃
     ᠬᠤᠶᠠᠷ ᠬᠡᠦᠬᠡᠨ᠎ᠦ ᠨᠢᠭᠡ ᠨᠢ ᠤᠷᠤᠨ ᠳᠡᠭᠡᠷ᠎ᠡ ᠰᠠᠨᠳᠠᠢᠯᠠᠨ᠂ ᠨᠥᠭᠥᠭᠡ ᠨᠢ ᠥᠯᠦ ᠲᠠᠨᠢᠭ᠍ᠴᠢ ᠬᠦᠮᠦᠨ᠎ᠦ ᠬᠠᠵᠠᠭᠤ᠎ᠳᠤ ᠰᠠᠭᠤᠵᠠᠢ᠃ ᠰᠠᠶᠢᠬᠠᠨ ᠢᠨᠢᠵᠡᠵᠦ ᠪᠠᠶᠠᠰᠴᠤ ᠪᠠᠢᠭ᠍ᠰᠠᠨ ᠲᠡᠮᠳᠡᠭ ᠨᠢᠭᠤᠷ᠎ᠠᠴᠠ ᠨᠢ ᠰᠠᠯᠤᠭ᠎ᠠ ᠦᠭᠡᠢ ᠤᠴᠢᠷ ᠤᠷᠤᠭᠤᠯ ᠨᠢ ᠵᠤᠤᠮᠠᠯᠵᠠᠨ ᠪᠠᠢᠪᠠ᠃
     – ᠪᠥᠭᠦᠳᠡ ᠮᠡᠨᠳᠦ ᠠᠮᠤᠭᠤᠯᠠᠩ ᠦᠦ? ᠭᠡᠵᠦ ᠵᠠᠮᠪᠠᠯ ᠮᠡᠨᠳᠦᠯᠡᠪᠡ᠃ ᠵᠠᠮᠪᠠᠯ᠎ᠢ ᠬᠠᠷᠠᠭᠰᠠᠨ ᠬᠣᠶᠠᠷ ᠬᠡᠦᠬᠡᠨ᠎ᠦ ᠴᠢᠷᠠᠢ ᠬᠤᠪᠢᠷᠠᠵᠤ ᠲᠦᠪ ᠪᠤᠯᠤᠭᠠᠳ ᠪᠡᠶ᠎ᠡ ᠪᠡᠶ᠎ᠡ᠎ᠪᠡᠨ ᠬᠠᠷᠠᠯᠴᠠᠪᠠ᠃
     – ᠮᠡᠨᠳᠦ ᠡ᠂ ᠭᠡᠯᠦᠩ ᠭᠣᠸᠠᠢ ᠨᠠᠷ ᠰᠠᠢᠨ ᠦᠦ? ᠭᠡᠵᠦ ᠨᠥᠭᠥᠭᠡ ᠬᠦᠮᠦᠨ ᠮᠢᠬ᠎ᠠ ᠵᠠᠵᠢᠯᠬᠤ ᠵᠠᠭᠤᠷ᠎ᠠ ᠶᠤᠵᠤᠲᠠᠢ ᠬᠡᠯᠡᠭᠡᠳ ᠯᠠᠮᠠ ᠨᠠᠷ᠎ᠤᠨ ᠲᠤᠯᠤᠭᠠᠢ᠎ᠠᠴᠠ ᠨᠢ ᠤᠯᠠ᠎ᠶᠢ ᠨᠢ ᠬᠦᠷᠲᠡᠯ᠎ᠡ ᠬᠠᠷᠠᠵᠤ ᠠᠮᠵᠢᠪᠠ᠃
     ᠪᠠᠷᠠᠭᠤᠨ ᠬᠠᠨᠵᠤᠨ ᠳᠡᠭᠡᠷᠡᠬᠢ ᠴᠡᠩᠮᠡᠨ ᠭᠤᠳᠤᠰ ᠳᠡᠭᠡᠷ᠎ᠡ ᠵᠠᠮᠪᠠᠯ᠎ᠢ ᠤᠴᠢᠭᠠᠳ ᠰᠠᠭᠤᠬᠤ᠎ᠳᠦ ᠴᠠᠮᠪᠠ ᠳᠤᠤᠷᠠᠳᠤ ᠲᠠᠯ᠎ᠠ ᠳ᠋ᠤᠨᠢ ᠰᠠᠭᠤᠵᠠᠢ᠃
     ᠨᠥᠭᠦᠭᠡ ᠬᠦᠮᠦᠨ ᠤᠢᠰᠤᠨ ᠡᠰᠢ ᠲᠠᠢ ᠬᠢᠲᠤᠭ᠎ᠠ᠎ᠪᠠᠨ ᠠᠷᠴᠢᠵᠤ᠂ ᠮᠥᠩᠭᠥᠨ ᠳᠤᠨᠤᠭᠲᠠᠢ ᠬᠤᠢ᠎ᠳᠤ ᠬᠢᠭᠡᠳ᠂ ᠲᠦᠷᠡᠢ᠎ᠡᠴᠡ᠎ᠪᠡᠨ ᠪᠦᠳᠦᠭᠦᠨ ᠴᠠᠭᠠᠨ ᠰᠣᠷᠤᠭᠤᠯ ᠲᠠᠢ ᠭᠠᠩᠰᠠ᠂ ᠪᠦᠰᠡᠨ᠎ᠡᠴᠡ᠎ᠪᠡᠨ ᠮᠥᠩᠭᠥᠨ ᠰᠤᠶᠤᠭ᠎ᠠ ᠴᠣᠬᠢᠯᠠᠭᠤᠷ ᠲᠠᠢ ᠰᠠᠪᠠ ᠠᠪᠴᠤ ᠲᠠᠮᠠᠬᠢ ᠲᠠᠲᠠᠯ᠎ᠠ᠃
     ᠡᠨᠡ ᠪᠦᠬᠦᠨ᠎ᠢ ᠨᠢ ᠬᠠᠷᠠᠭᠠᠳ << ᠣᠪᠣᠭ᠎ᠠ ᠯᠡ ᠪᠡᠯᠡ ᠲᠠᠢ ᠬᠦᠮᠦᠨ ᠪᠤᠯᠤᠯᠲᠠᠢ >> ᠭᠡᠵᠦ ᠵᠠᠮᠪᠠᠯ ᠳᠤᠲᠤᠷ᠎ᠠ᠎ᠪᠠᠨ ᠪᠤᠳᠤᠪᠠ᠃ ᠲᠠᠰᠤᠯᠭᠠᠨ᠎ᠳᠤ ᠬᠡᠰᠡᠭ ᠵᠠᠭᠤᠷ᠎ᠠ ᠤᠭᠲᠤ ᠴᠢᠮᠡᠭᠡ ᠠᠨᠢᠷ ᠦᠭᠡᠢ ᠪᠠᠢᠪᠠ᠃ ᠥᠯᠦ ᠲᠠᠨᠢᠭ᠍ᠴᠢ᠎ᠶᠢ ᠲᠦᠭᠵᠢᠯ ᠭᠡᠳᠡᠭ᠃ ᠳᠠᠯᠠᠢᠴᠤᠢᠩᠬᠤᠷ ᠸᠠᠩ᠎ᠤᠨ ᠬᠤᠰᠢᠭᠤᠨ᠎ᠤ ᠬᠦᠮᠦᠨ᠃ ᠬᠢᠳᠡᠭ ᠠᠵᠢᠯ ᠭᠡᠪᠡᠯ ᠬᠤᠯᠠᠭᠠᠢᠴᠢ᠂ ᠭᠡᠬᠦ᠎ᠳᠡᠭᠡᠨ ᠲᠡᠮᠦᠷ ᠰᠢᠭ᠌ ᠠᠢᠮᠠᠭ ᠳᠠᠪᠠᠵᠤ ᠰᠦᠷᠦᠭ᠎ᠢᠶᠡᠷ ᠠᠳᠤᠭᠤ ᠬᠦᠭᠡᠭᠡᠳᠡᠭ ᠦᠭᠡᠢ᠃ ᠬᠠᠪᠢ ᠣᠢᠷ᠎ᠠ᠎ᠠᠴᠠ᠎ᠪᠠᠨ ᠬᠣᠨᠢ ᠬᠤᠷᠠᠭ᠎ᠠ᠂ ᠪᠢᠷᠠᠭᠤ ᠰᠢᠳᠦᠯᠡᠩ᠎ᠡᠴᠡ ᠡᠬᠢᠯᠡᠭᠡᠳ ᠬᠠᠪᠢᠳᠠᠭᠰᠠᠨ ᠪᠦᠬᠦᠨ᠎ᠢ ᠠᠪᠴᠤ ᠬᠠᠮᠠᠷ ᠳᠠᠪᠠᠭᠤᠯᠤᠨ ᠪᠣᠷᠤᠯᠠᠭᠤᠯᠵᠤ ᠶᠠᠪᠤᠳᠠᠭ ᠠᠵᠢ᠃ ᠵᠢᠵᠢᠭ᠌ ᠬᠤᠯᠠᠭᠠᠢ᠎ᠶᠢᠨ ᠬᠡᠷᠡᠭ᠎ᠲᠦ ᠬᠡᠳᠤᠨ ᠤᠳᠠᠭ᠎ᠠ ᠪᠠᠷᠢᠭ᠍ᠳᠠᠭᠰᠠᠨ ᠪᠤᠯᠪᠠᠴᠤ ᠬᠡᠭᠡᠯᠢ ᠬᠠᠬᠤᠤᠯᠢ᠎ᠶᠢᠨ ᠬᠦᠴᠦ᠎ᠪᠡᠷ ᠰᠤᠯᠠᠯᠠᠭᠳᠠᠵᠠᠢ᠃
     ᠡᠨᠡ ᠤᠳᠠᠭ᠎ᠠ ᠪᠠᠰᠠ ᠣᠯᠵᠠ ᠬᠠᠢᠵᠤ ᠯᠠᠮᠠ᠎ᠶᠢᠨ ᠭᠡᠭᠡᠨ᠎ᠦ ᠱᠠᠪᠢ ᠪᠤᠶᠤ ᠣᠢᠷ᠎ᠠ ᠵᠡᠷᠭᠡᠯᠡᠳᠡᠭᠡ ᠬᠤᠰᠢᠭᠤ᠎ᠠᠴᠠ ᠠᠮᠪᠠᠨ ᠱᠠᠷ ᠬᠡᠳᠦ᠎ᠶᠢ ᠠᠪᠴᠤ ᠲᠠᠷᠢᠶᠠᠲᠤ᠎ᠶᠢᠨ ᠣᠷᠣᠰ᠎ᠤᠳ᠎ᠲᠤ ᠬᠤᠳᠠᠯᠳᠤᠬᠤ ᠪᠤᠳᠤᠯ ᠲᠠᠢ ᠶᠠᠪᠤᠭ᠎ᠠ ᠠᠵᠢ᠃
     ᠬᠡᠷᠡᠭᠦᠯ ᠵᠤᠳᠤᠭᠠᠨ ᠪᠤᠯᠬᠤ᠎ᠳᠤ ᠡᠨᠡ ᠬᠣᠶᠠᠷ ᠠᠰᠠᠮᠠᠨ ᠯᠠᠮᠠ᠎ᠶᠢ ᠳᠡᠢᠯᠦᠨ᠎ᠡ ᠭᠡᠵᠦ ᠪᠠᠲᠤ ᠢᠲᠡᠭᠡᠭᠰᠡᠨ ᠲᠦᠭᠵᠢᠯ᠂ ᠪᠠᠭᠤᠯᠭᠠᠭᠰᠠᠨ ᠨᠢᠳᠦᠷᠭ᠎ᠠ᠎ᠪᠠᠷ᠎ᠢᠶᠠᠨ ᠰᠤᠷᠤᠭᠤᠯ᠎ᠢᠶᠠᠨ ᠠᠷᠴᠢᠬᠤ ᠵᠠᠭᠤᠷ᠎ᠠ << ᠭᠡᠯᠦᠬᠠᠢ ᠨᠠᠷ ᠰᠠᠩ ᠲᠠᠯᠪᠢᠵᠤ ᠥᠭᠬᠦ ᠭᠡᠵᠦ ᠮᠣᠷᠢᠯᠠᠨ ᠢᠷᠡᠪᠡ ᠦᠦ? >> ᠭᠡᠳ ᠬᠠᠵᠠᠭᠤ᠎ᠳᠠᠭᠠᠨ ᠰᠠᠭᠤᠵᠤ ᠪᠠᠢᠭ᠎ᠠ ᠴᠢᠮᠡᠭ ᠤᠷᠤᠭᠤ ᠨᠢᠳᠦ ᠢᠷᠮᠡᠭᠰᠡᠨ᠎ᠢᠶᠡᠨ ᠡᠪᠦᠷ᠎ᠡᠴᠡ᠎ᠪᠡᠨ ᠪᠦᠳᠦᠭᠦᠨ ᠲᠦᠷᠡᠢᠪᠴᠢ ᠭᠠᠷᠭᠠᠵᠤ ᠨᠦᠬᠡ ᠲᠠᠢ ᠤᠯᠠᠭᠠᠨ ᠵᠤᠭᠤᠰ ᠬᠣᠶᠠᠷ᠎ᠢ ᠭᠠᠷᠭᠠᠵᠤ << ᠪᠠᠷᠢᠴᠠ᠎ᠶᠢ ᠨᠢ ᠤᠷᠢᠭ᠍ᠳᠠᠭᠠᠳ ᠪᠠᠷᠢᠴᠢᠬᠠᠶ᠎ᠠ>> ᠭᠡᠯ᠎ᠡ᠃
     ᠳᠤᠷᠤᠮᠵᠢᠯᠠᠵᠤ ᠪᠠᠢᠭ᠎ᠠ᠎ᠶᠢ ᠨᠢ ᠮᠡᠳᠡᠭᠰᠡᠨ ᠵᠠᠮᠪᠠᠯ᠎ᠤᠨ ᠠᠭᠤᠷ ᠪᠠᠭᠲᠠᠵᠤ ᠶᠠᠳᠠᠬᠤ᠎ᠳᠠᠭᠠᠨ ᠨᠢᠳᠦ ᠨᠢ ᠭᠢᠯᠠᠯᠵᠠᠨ᠂ ᠰᠢᠨᠠ᠎ᠶᠢᠨ ᠪᠤᠯᠴᠢᠩ ᠨᠢ ᠲᠠᠲᠠᠭᠠᠨᠠᠨ ᠴᠡᠴᠡᠷᠡᠪᠡ᠃ ᠵᠠᠮᠪᠠᠯ ᠵᠤᠳᠤᠭᠠᠨ᠎ᠳᠤ ᠶᠠᠭ ᠦᠭᠡᠢ ᠪᠤᠯᠬᠤᠷ ᠤᠯᠠᠨ ᠦᠭᠡ ᠲᠠᠢ ᠰᠠᠭᠰᠠᠭᠤ ᠬᠠᠷ᠎ᠠ ᠬᠦᠦ᠎ᠶᠢᠨ ᠨᠠᠮᠠᠯᠳᠠᠭ᠎ᠢ ᠨᠢ ᠴᠢᠬᠢᠵᠦ ᠠᠭᠠᠭ᠎ᠢ ᠨᠢ ᠳᠠᠷᠤᠵᠤ ᠦᠭᠭᠦᠶ᠎ᠡ ᠭᠡᠵᠦ ᠰᠢᠢᠳᠪᠡ᠃
     ᠴᠠᠮᠪᠠ ᠠᠭᠤᠷᠯᠠᠭᠰᠠᠨ ᠴᠤ᠌ ᠦᠭᠡᠢ᠂ ᠪᠠᠶᠠᠷᠯᠠᠭᠰᠠᠨ ᠴᠤ᠌ ᠦᠭᠡᠢ᠃ ᠠᠮᠢᠰᠬᠤᠭ᠎ᠠ ᠨᠢ ᠳᠠᠪᠬᠤᠴᠠᠨ ᠲᠠᠰᠤᠯᠭᠠᠨ᠎ᠳᠤ ᠪᠠᠢᠭ᠎ᠠ ᠶᠠᠭᠤᠮ᠎ᠠ ᠪᠦᠬᠦᠨ᠎ᠡᠴᠡ ᠬᠠᠷᠠᠭ᠎ᠠ ᠪᠤᠷᠤᠭᠤᠯᠠᠵᠤ᠂ ᠶᠠᠮᠠᠷ ᠨᠢᠭᠡ ᠶᠠᠭᠤᠮ᠎ᠠ ᠪᠤᠯᠪᠠᠯ ᠡᠷᠭᠢᠵᠦ ᠬᠠᠷᠠᠯ ᠦᠭᠡᠢ ᠪᠣᠯᠠᠭᠠᠨ ᠠᠭᠤᠯᠠ᠎ᠶᠢ ᠳᠠᠪᠠᠵᠤ ᠵᠢᠭᠤᠳᠠᠬᠤ᠎ᠳᠤ ᠪᠡᠯᠡᠬᠡᠨ ᠪᠠᠢᠵᠠᠢ᠃
     ᠬᠡᠷᠪᠡ ᠠᠯᠢ ᠨᠢᠭᠡ ᠨᠢ ᠬᠦᠳᠡᠯᠬᠦ ᠦᠭᠡᠢ ᠪᠤᠯ ᠵᠠᠮᠪᠠᠯ ᠲᠦᠭᠵᠢᠯ ᠬᠣᠶᠠᠷ ᠬᠡᠳᠦᠢ ᠪᠣᠯᠲᠠᠯ᠎ᠠ ᠢᠩᠬᠢᠭᠡᠳ ᠯᠡ ᠬᠡᠷᠦᠭᠰᠡᠨ ᠪᠤᠬ᠎ᠠ ᠰᠢᠭ᠋ ᠭᠢᠯᠠᠯᠵᠠᠨ ᠰᠠᠭᠤᠬᠤ᠎ᠶᠢ ᠬᠡᠨ ᠮᠡᠳᠡᠬᠦ ᠪᠣᠢ᠃ ᠭᠡᠲᠡᠯ᠎ᠡ ᠬᠡᠨ ᠤᠷᠢᠳᠠᠭᠰᠠᠨ ᠨᠢ ᠬᠣᠵᠢᠨ᠎ᠠ ᠭᠡᠵᠦ ᠪᠣᠳᠣᠭᠰᠠᠨ ᠡᠨᠡ ᠬᠣᠶᠠᠷ ᠶᠠᠭᠠᠬᠢᠵᠤ ᠳᠡᠰᠬᠦ ᠪᠢᠯᠡ᠃  << ᠴᠣᠷ ᠴᠣᠷ ᠭᠡᠳ ᠪᠠᠢᠪᠠᠯ ᠬᠢᠩᠭᠠᠨ ᠬᠠᠮᠠᠷ᠎ᠢ ᠴᠢᠨᠢ ᠴᠢᠨᠠᠭ᠍ᠰᠢ ᠨᠢ ᠬᠢᠵᠦ ᠣᠷᠬᠢᠨ᠎ᠠ ᠰᠢᠦ >> ᠭᠡᠳ ᠵᠠᠮᠪᠠᠯ ᠥᠨᠳᠡᠯᠵᠡᠨ᠂ ᠪᠣᠰᠬᠤ᠎ᠳᠤ ᠪᠡᠯᠡᠳᠬᠡᠪᠡ᠃
     ᠭᠡᠲᠡᠯ᠎ᠡ ᠲᠦᠭᠵᠢᠯ ᠠᠵᠢᠭ᠋ ᠦᠭᠡᠢ ᠳᠦᠷᠢ ᠦᠵᠡᠭᠦᠯᠦᠨ << ᠭᠡᠯᠤᠬᠠᠢ ᠨᠠᠷ ᠮᠢᠨᠤ ᠥᠴᠦᠬᠡᠨ ᠪᠠᠷᠢᠴᠠ᠎ᠶᠢ ᠥᠭᠯᠢᠭᠡ᠎ᠶᠢᠨ ᠡᠵᠡᠨ᠎ᠦ ᠦᠨᠡᠨ ᠰᠠᠨᠠᠭ᠎ᠠ᠂ ᠳ᠋ᠸᠪᠠᠵᠠᠨ᠎ᠳᠤ ᠲᠥᠷᠦᠬᠥ ᠭᠡᠰᠡᠨ ᠬᠦᠰᠡᠯ ᠬᠡᠮᠡᠨ ᠪᠤᠯᠭᠤᠭᠠᠨ᠎ᠠ ᠦᠦ >> ᠭᠡᠳ ᠭᠠᠷ᠎ᠢᠶᠠᠨ ᠰᠤᠩᠭᠠᠬᠤ᠎ᠳᠤ ᠴᠠᠮᠪᠠ ᠦᠪᠡᠷ᠎ᠢᠶᠡᠨ ᠮᠡᠳᠡᠯ ᠦᠭᠡᠢ ᠭᠠᠷ᠎ᠢᠶᠠᠨ ᠲᠤᠰᠪᠠ᠃ ᠵᠠᠮᠪᠠᠯ ᠭᠠᠷ᠎ᠢ ᠨᠢ ᠴᠤᠬᠢᠭᠠᠳ ᠠᠪᠤᠯ᠎ᠠ᠃
     – ᠨᠢᠰᠤᠬᠠᠢ ᠬᠠᠷ᠎ᠠ ᠬᠦᠦ ᠴᠢ ᠠᠶᠠᠳᠠ᠃ ᠨᠤᠲᠤᠭ᠎ᠤᠨ ᠴᠢᠨᠢ ᠴᠤᠭ᠍ᠴᠢᠨ ᠲᠣᠭᠠᠩ᠎ᠢ ᠮᠥᠷᠭᠦᠲᠡᠯ᠎ᠡ ᠠᠯᠠᠭᠠᠳᠠᠵᠤ ᠤᠷᠬᠢᠨ᠎ᠠ ᠰᠢᠦ᠂ ᠮᠡᠳᠡᠪᠡ ᠦᠦ? ᠭᠡᠬᠦ᠎ᠳᠦ ᠲᠦᠭᠵᠢᠯ ᠬᠣᠭᠤᠯᠠᠢ᠎ᠳᠠᠭᠠᠨ ᠭᠦᠳ ᠭᠦᠳ ᠭᠢᠳᠡᠯ᠎ᠡ ᠬᠦᠢᠲᠡᠨ ᠢᠨᠢᠶᠡᠪᠡ᠃
     – ᠰᠠᠩ ᠲᠠᠯᠪᠢᠳᠠᠭ ᠭᠡᠯᠤᠬᠠᠢ ᠭᠡᠰᠡᠨ ᠴᠢᠨᠢ ᠬᠡᠢᠰᠲᠡᠯ᠎ᠡ ᠠᠯᠠᠭᠠᠳᠠᠳᠠᠭ ᠭᠠᠢᠬᠠᠯ᠎ᠤᠳ ᠪᠠᠢᠬᠤ ᠨᠢ ᠦᠦ ᠭᠡᠳ ᠣᠯᠠᠮ ᠴᠤ᠌ ᠬᠥᠭᠵᠢᠯ ᠲᠠᠢ ᠢᠨᠢᠶᠡᠭᠰᠡᠨ᠎ᠢᠶᠡᠨ ᠭᠡᠨᠡᠳᠲᠡ ᠴᠢᠷᠠᠢ ᠨᠢ ᠬᠤᠪᠢᠷᠠᠵᠤ << ᠱᠠᠯᠳᠠᠩ ᠪᠠᠨᠳᠢ ᠨᠠᠷ ᠮᠢᠨᠢ ᠭᠠᠪᠵᠤ᠎ᠶᠢᠨ ᠳᠤᠭᠤᠢ᠎ᠶᠢᠨ᠎ᠢᠶᠡᠨ ᠰᠠᠪᠠ ᠲᠠᠢ ᠶᠠᠪᠤᠶ᠎ᠠ ᠭᠡᠵᠦ ᠪᠠᠢᠭ᠎ᠠ ᠪᠤᠯ ᠤᠯᠠᠨ ᠲᠠᠪᠤᠨ ᠦᠭᠡ ᠦᠭᠡᠢ ᠲᠤᠨᠢᠯᠪᠠᠯ ᠳᠡᠭᠡᠷ᠎ᠡ >> ᠭᠡᠵᠦ ᠰᠦᠷᠲᠠᠢ ᠰᠢᠷᠦᠭᠦᠨ ᠳᠠᠭᠤ᠎ᠪᠠᠷ ᠬᠡᠯᠡᠪᠡ᠃
     – ᠰᠦᠷᠡᠬᠡᠢ ᠡᠳ᠋ ᠪᠠᠢᠬᠤ ᠨᠢ ᠡ᠁ ᠭᠡᠳ ᠵᠠᠮᠪᠠᠯ ᠨᠢᠳᠤᠷᠭ᠎ᠠ᠎ᠪᠠᠨ ᠳᠤᠲᠤᠭ᠍ᠰᠢ ᠴᠢᠬᠢᠭᠡᠳ ᠪᠣᠰᠪᠠ᠃
     ᠬᠡᠷᠡᠭᠦᠯ᠂ ᠵᠣᠳᠤᠭᠠᠨ ᠪᠤᠯᠬᠤ᠎ᠳᠤ ᠵᠠᠮᠪᠠᠯ ᠬᠡᠭᠵᠢᠭᠦᠨ ᠬᠠᠷ᠎ᠠ ᠬᠦᠦ᠎ᠶᠢᠨ ᠵᠠᠭᠠᠳᠤᠨᠠᠭᠰᠠᠨ ᠬᠠᠮᠠᠷ ᠤᠷᠤᠭᠤ ᠨᠢᠳᠤᠷᠭ᠎ᠠ᠎ᠪᠠᠨ ᠴᠢᠭᠯᠡᠭᠦᠯᠦᠨ ᠳᠠᠭᠠᠷᠢᠪᠠ᠃ ᠭᠡᠲᠡᠯ᠎ᠡ ᠲᠦᠭᠵᠢᠯ ᠵᠠᠢᠯᠠᠵᠤ ᠭᠠᠩᠰᠠ᠎ᠶᠢᠨ᠎ᠢᠶᠡᠨ ᠲᠤᠯᠤᠭᠠᠢ᠎ᠪᠠᠷ ᠤᠯᠠᠭᠠᠨ ᠰᠤᠭᠤ ᠤᠷᠤᠭᠤ ᠨᠢ ᠬᠦᠴᠦᠲᠠᠢ ᠶᠣᠪᠤᠷᠤᠭᠰᠠᠨ᠎ᠳᠤ ᠯᠠᠮᠠ ᠭᠡᠳᠡᠷᠭᠦ᠎ᠪᠡᠨ ᠠᠯᠳᠠᠯᠠᠨ ᠤᠨᠠᠵᠠᠢ᠃
     ᠴᠠᠮᠪᠠ ᠠᠯᠢ ᠬᠡᠳᠦᠢᠨᠡᠢ ᠬᠦᠶᠦᠨ ᠭᠠᠷᠴᠤ ᠬᠠᠰᠢᠶ᠎ᠠ ᠳᠠᠪᠠᠨ ᠣᠮ ᠬᠣᠮ ᠦᠭᠡᠢ ᠠᠯᠠᠭ᠎ᠠ ᠪᠤᠯᠪᠠ᠃ ᠬᠣᠶᠠᠷ ᠬᠡᠦᠬᠡᠨ << ᠲᠠ ᠮᠢᠨᠢ ᠪᠤᠯᠢᠭᠠᠴᠢ >> ᠭᠡᠬᠦ᠎ᠡᠴᠡ ᠥᠭᠡᠷ᠎ᠡ ᠭᠠᠪᠢᠲᠠᠢ ᠦᠭᠡ ᠬᠡᠯᠡᠵᠦ ᠠᠮᠵᠢᠭ᠎ᠠ ᠦᠭᠡᠢ ᠪᠠᠢᠬᠤ᠎ᠳᠤ ᠲᠦᠭᠵᠢᠯ ᠵᠠᠮᠪᠠᠯ᠎ᠢ ᠬᠠᠰᠢᠶᠠᠨ᠎ᠤ ᠬᠠᠭᠠᠯᠭ᠎ᠠ᠎ᠪᠠᠷ ᠭᠠᠷᠭᠠᠬᠤ ᠵᠠᠭᠤᠷ᠎ᠠ << ᠠᠬ᠎ᠠ᠎ᠶᠢᠨ ᠴᠢᠨᠢ ᠶᠤᠪᠤᠷᠤᠯᠲᠠ᠎ᠶᠢ ᠬᠠᠯᠬ᠎ᠠ᠎ᠶᠢᠨ ᠤᠪᠤᠭ᠎ᠠ ᠡᠷ᠎ᠡ ᠳᠡᠰᠴᠦ ᠪᠠᠢᠭ᠎ᠠ ᠦᠭᠡᠢ ᠶᠤᠮ >> ᠭᠡᠳ ᠬᠠᠭᠠᠯᠭ᠎ᠠ ᠬᠠᠭᠠᠵᠤ ᠶᠠᠭᠰᠢᠲᠠᠯ᠎ᠠ ᠲᠦᠭᠵᠢᠪᠡ᠃
     ᠶᠠᠭᠤ ᠪᠤᠯᠵᠤ ᠥᠩᠭᠡᠷᠡᠭᠰᠡᠨ᠎ᠢ ᠬᠣᠶᠠᠷ ᠬᠡᠦᠬᠡᠨ ᠤᠢᠯᠠᠭᠠᠵᠤ ᠶᠠᠳᠠᠨ ᠪᠠᠢᠬᠤ᠎ᠳᠤ ᠲᠦᠭᠵᠢᠯ ᠪᠠᠷᠳᠠᠮ ᠢᠨᠢᠶᠡᠭᠰᠡᠭᠡᠷ ᠤᠷᠤᠵᠤ ᠢᠷᠡᠯ᠎ᠡ᠃
     ᠲᠦᠭᠵᠢᠯ᠎ᠦᠨ ᠶᠣᠪᠣᠷᠤᠯᠲᠠ ᠬᠡᠴᠡᠭᠦᠦ᠃ ᠵᠢᠵᠢᠭ᠌ ᠲᠠᠰᠢᠭᠤᠷ ᠪᠤᠶᠤ ᠭᠠᠩᠰᠠ᠎ᠶᠢᠨ ᠲᠣᠯᠣᠭᠠᠢ᠎ᠪᠠᠷ ᠬᠦᠮᠦᠨ᠎ᠦ ᠤᠯᠠᠭᠠᠨ ᠰᠤᠭᠤ ᠤᠷᠤᠭᠤ ᠶᠣᠪᠤᠷᠴᠤ ᠤᠨᠠᠭᠠᠳᠠᠭ ᠰᠤᠷᠭᠠᠭᠤᠯᠢ᠎ᠶᠢ ᠤᠯᠠᠨ ᠵᠢᠯ᠎ᠦᠨ ᠡᠮᠦᠨ᠎ᠡ ᠵᠠᠯᠠᠭᠤ ᠮᠣᠷᠢ᠎ᠪᠠᠨ ᠥᠭᠴᠦ ᠪᠠᠢᠮᠠᠨᠵᠢᠨ ᠰᠤᠷᠴᠤ ᠪᠢᠯᠡ᠃ ᠲᠠᠷᠢᠶᠠᠲᠤ᠎ᠶᠢᠨ ᠬᠦᠷᠢᠶᠡᠨ᠎ᠦ ᠲᠦᠷᠪᠡᠨ ᠯᠠᠮᠠ᠎ᠳᠤ ᠪᠤᠭᠤᠷᠯᠠᠭᠤᠯᠤᠭᠠᠳ ᠪᠠᠢᠬᠤ᠎ᠳᠠᠭᠠᠨ ᠭᠤᠷᠪᠠ᠎ᠶᠢ ᠨᠢ ᠨᠢᠭᠡ ᠨᠢᠭᠡ ᠶᠣᠪᠤᠷᠤᠯᠲᠠ᠎ᠪᠠᠷ ᠤᠨᠠᠭᠠᠵᠤ ᠪᠠᠢᠭ᠍ᠰᠠᠨ ᠤᠳᠠᠭ᠎ᠠ ᠪᠤᠢ᠃
     ᠶᠡᠷᠦᠨᠢ ᠯᠡ ᠲᠠᠰᠢᠭᠤᠷ ᠪᠤᠶᠤ ᠭᠠᠩᠰᠠ ᠲᠠᠢ ᠴᠠᠭ᠎ᠲᠤ ᠬᠡᠨ ᠴᠤ᠌ ᠢᠷᠡᠭᠰᠡᠨ ᠳᠠᠷᠤᠯᠠᠭᠤᠯᠬᠤ ᠦᠭᠡᠢ ᠭᠡᠵᠦ ᠪᠠᠷᠳᠠᠮ ᠪᠦᠭᠡᠳ ᠢᠳᠡᠭᠡᠯ ᠲᠠᠢ ᠪᠤᠳᠤᠵᠤ ᠶᠠᠪᠤᠳᠠᠭ ᠪᠠᠢᠵᠠᠢ᠃
     ᠴᠢᠮᠡᠭ ᠬᠡᠦᠬᠡᠨ ᠲᠠᠢ ᠬᠦᠰᠡᠯ ᠬᠠᠩᠭᠠᠨ ᠨᠠᠷᠭᠢᠵᠤ ᠬᠣᠨᠤᠭᠰᠠᠨ ᠲᠦᠭᠵᠢᠯ ᠥᠷᠯᠦᠭᠡ ᠡᠷᠲᠡ ᠤᠷᠲᠤ ᠲᠠᠮᠢᠷ᠎ᠤᠨ ᠭᠣᠣᠯ᠎ᠢ ᠥᠭᠰᠥᠨ ᠬᠠᠲᠠᠷᠢᠭᠤᠯᠵᠤ ᠶᠠᠪᠤᠯ᠎ᠠ᠃

返回顶部