返回

ᠲᠤᠩᠭᠠᠯᠠᠭ ᠲᠠᠮᠢᠷ
– ᠴ᠂ ᠯᠤᠳᠤᠢᠳᠠᠮᠪᠠ
 


     ᠨᠢᠭᠡ — ᠲᠠᠪᠤ

     ᠲᠡᠷᠭᠡᠨ᠎ᠦ ᠭᠠᠭᠴᠠ ᠮᠣᠷᠢ᠎ᠪᠠᠨ ᠠᠯᠳᠠᠵᠤ ᠬᠠᠷᠢ ᠨᠤᠲᠤᠭ᠎ᠲᠤ ᠶᠠᠪᠠᠭᠠᠷᠠᠭᠰᠠᠨ ᠡᠷᠳᠡᠨᠢ ᠳᠣᠯᠭᠠᠷ᠎ᠢ ᠬᠠᠷᠠᠬᠤ᠎ᠳᠤ ᠲᠥᠷᠦᠭᠰᠡᠨ ᠡᠬᠡ᠎ᠪᠡᠨ ᠭᠥᠳᠡᠭᠡᠯᠡᠭᠦᠯᠵᠤ ᠢᠷᠡᠭᠡᠳ ᠪᠡᠶ᠎ᠡ ᠪᠡᠶ᠎ᠡ᠎ᠪᠡᠨ ᠤᠷᠤᠭᠤ ᠲᠠᠳᠠᠬᠤ ᠦᠭᠡᠢ᠎ᠶᠢ ᠬᠢᠴᠢᠶᠡᠨ ᠰᠠᠭᠤᠵᠤ ᠪᠠᠢᠭ᠎ᠠ ᠠᠬ᠎ᠠ ᠳᠡᠭᠦᠦ ᠬᠤᠶᠠᠷ ᠰᠢᠭ᠋ ᠪᠠᠢᠪᠠ᠃
     ᠪᠠᠲᠤ ᠮᠣᠷᠢ᠎ᠪᠠᠨ ᠠᠯᠳᠠᠭᠰᠠᠨ᠎ᠢ ᠰᠡᠷᠡᠢᠮᠡᠭᠴᠡ ᠮᠡᠳᠡᠵᠦ᠂ ᠡᠴᠢᠭᠡ ᠡᠬᠡ᠎ᠶᠢᠨ ᠭᠤᠨᠢᠭ᠋ ᠰᠡᠳᠬᠢᠯ ᠳ᠋ᠤᠨᠢ ᠳᠠᠮᠵᠢᠨ᠂ ᠶᠠᠮᠠᠷ ᠨᠢᠭᠡᠨ ᠭᠡᠴᠡᠭᠦᠦ ᠬᠠᠷ᠎ᠠ ᠶᠠᠭᠤᠮ᠎ᠠ ᠣᠷᠣᠭᠰᠢᠵᠤ ᠪᠠᠢᠪᠠ᠃
     – ᠠᠪᠤ ᠡ᠂ ᠪᠢᠳᠡ ᠮᠣᠷᠢ ᠦᠭᠡᠢ ᠶᠠᠭᠠᠬᠢᠨ᠎ᠠ ᠳᠠ?
     – ᠵᠦᠭᠡᠷ᠂ ᠮᠢᠨᠤ ᠬᠦᠦ᠂ ᠪᠤᠯᠤᠨ᠎ᠠ ᠭᠡᠳ ᠡᠴᠢᠭᠡ ᠨᠢ ᠬᠦᠦ᠎ᠪᠡᠨ ᠬᠠᠷᠠᠭᠰᠠᠨ᠎ᠢᠶᠠᠨ ᠬᠥᠯᠥᠰᠦ ᠰᠢᠷᠤᠢ ᠠᠩᠬᠢᠯᠤᠭᠰᠠᠨ ᠲᠤᠯᠤᠭᠠᠢ᠎ᠶᠢ ᠨᠢ ᠦᠨᠦᠰᠪᠡ᠃
     – ᠡᠵᠢ ᠲᠠ ᠤᠬᠢᠯᠠᠵᠤ ᠪᠠᠢᠨ᠎ᠠ ᠤᠤ ᠳᠠ? ᠭᠡᠬᠦ ᠳ᠋ᠤᠨᠢ ᠳᠣᠯᠭᠠᠷ ᠬᠦᠦ᠎ᠪᠡᠨ ᠲᠡᠪᠡᠷᠢᠵᠦ ᠡᠯᠢᠭᠡᠨ᠎ᠳᠡᠭᠡᠨ ᠨᠠᠭᠠᠭᠠᠳ << ᠮᠢᠨᠤ ᠬᠦᠦ᠂ ᠪᠢᠳᠡ ᠭᠤᠷᠪᠠ ᠶᠠᠭᠠᠬᠢᠭ᠍ᠰᠠᠨ ᠠᠵᠠ ᠦᠭᠡᠢ ᠤᠯᠤᠰ ᠪᠣᠢ ᠳᠠ >> ᠭᠡᠳ ᠰᠢᠪᠡᠭᠡᠨᠡᠬᠦ᠎ᠳᠦ ᠬᠠᠴᠠᠷ᠎ᠢ ᠨᠢ ᠳᠠᠭᠠᠵᠤ ᠬᠠᠯᠭᠤᠨ ᠨᠢᠯᠪᠤᠰᠤ ᠤᠷᠤᠰᠪᠠ᠃
     ᠲᠡᠷᠡ ᠭᠤᠷᠪᠠ᠎ᠶᠢ ᠢᠩᠬᠢᠵᠦ ᠪᠠᠢᠬᠤ᠎ᠳᠦ ᠮᠠᠢᠬᠠᠨ ᠤᠷᠤᠭᠤ ᠮᠣᠷᠢ ᠲᠠᠢ ᠬᠤᠶᠠᠷ ᠬᠦᠮᠦᠨ ᠬᠠᠳᠠᠷᠢᠭᠤᠯᠤᠨ ᠢᠷᠡᠯ᠎ᠡ᠃ ᠡᠨᠡ ᠪᠤᠯ ᠪᠠᠳᠠᠷᠴᠢ ᠳᠠᠮᠳᠢᠨ ᠬᠤᠶᠠᠷ ᠠᠵᠢ᠃ ᠲᠡᠮᠦᠷ᠎ᠢ ᠤᠯᠬᠤ ᠨᠢ ᠪᠢᠳᠡᠬᠡᠢ ᠭᠡᠯᠡ᠂ ᠮᠦᠷ ᠰᠤᠷᠠᠭ ᠭᠠᠷᠭᠠᠵᠤ ᠴᠢᠳᠠᠭ᠎ᠠ ᠦᠭᠡᠢ᠎ᠳᠡᠭᠡᠨ ᠪᠠᠳᠠᠷᠴᠢ ᠬᠤᠷᠤᠰᠤᠨ ᠪᠤᠬᠢᠨᠢᠳᠤᠵᠤ ᠲᠠᠭᠠᠷᠢᠯᠳᠤᠭᠰᠠᠨ ᠭᠡᠮ ᠦᠭᠡᠢ ᠬᠦᠮᠦᠨ᠎ᠢ ᠬᠦᠷᠲᠡᠯ᠎ᠡ ᠪᠦᠳᠦᠭᠦᠨ ᠲᠡᠩᠰᠡᠨ ᠲᠠᠰᠢᠭᠤᠷ᠎ᠢᠶᠠᠷ ᠤᠬᠠᠭᠠᠨ ᠠᠯᠳᠠᠲᠠᠯ᠎ᠠ ᠨᠢ ᠵᠠᠨᠴᠢᠵᠤ ᠶᠠᠪᠤᠯ᠎ᠠ᠃
     ᠴᠢᠬᠢᠭ᠌ ᠲᠠᠢ ᠵᠦᠭᠡᠯᠡᠨ ᠬᠥᠷᠦᠰᠦᠨ ᠳᠡᠭᠡᠷ᠎ᠡ ᠬᠠᠲᠠᠷᠢᠵᠤ ᠶᠠᠪᠤᠭ᠎ᠠ ᠮᠤᠷᠢᠨ᠎ᠤ ᠲᠦᠪᠡᠷᠭᠡᠨ ᠫᠠᠳ ᠫᠠᠳ ᠳᠤᠤᠭᠠᠷᠤᠭᠰᠠᠭᠠᠷ ᠮᠣᠷᠢ ᠲᠠᠢ ᠬᠦᠮᠦᠨ ᠮᠠᠢᠬᠠᠨ᠎ᠳᠤ ᠤᠢᠷᠠᠲᠤᠵᠤ ᠢᠷᠡᠭᠰᠡᠨ᠎ᠢ ᠡᠷᠳᠡᠨᠢ ᠮᠡᠳᠡᠭᠰᠡᠨ ᠠᠪᠠᠴᠤ ᠭᠠᠷᠤᠭᠰᠠᠨ ᠦᠭᠡᠢ᠃
      ᠶᠠᠭᠤᠨ ᠤᠯᠤᠰ ᠪᠤᠢ᠂ ᠪᠤᠰᠢᠭᠤ ᠭᠠᠷᠤᠭᠠᠳ ᠢᠷ᠎ᠡ ᠭᠡᠵᠦ ᠪᠠᠳᠠᠷᠴᠢ ᠦᠨᠳᠦᠷ ᠳᠠᠭᠤ᠎ᠪᠠᠷ ᠵᠠᠩᠳᠤᠷᠤᠨ ᠬᠠᠰᠬᠢᠷᠪᠠ᠃
     ᠬᠠᠨᠳᠠᠭᠠᠵᠠ᠎ᠪᠠᠷ ᠨᠢ ᠲᠠᠮᠠᠭ᠎ᠠ᠎ᠶᠢᠨ ᠲᠠᠬᠠᠷ ᠪᠠᠢᠨ᠎ᠠ ᠭᠡᠵᠤ ᠲᠠᠨᠢᠭ᠍ᠰᠠᠨ ᠡᠷᠳᠡᠨᠢ ᠬᠦᠮᠦᠨ᠎ᠦ ᠨᠤᠲᠤᠭ᠎ᠲᠤ ᠶᠠᠮᠠᠷ ᠨᠢᠭᠡᠨ ᠪᠤᠳᠤᠯᠢᠶᠠᠨ᠎ᠳᠤ ᠤᠷᠤᠬᠤ᠎ᠡᠴᠡ ᠪᠣᠯᠭᠤᠮᠵᠢᠯᠠᠨ ᠪᠤᠰᠢᠭᠤᠬᠠᠨ ᠪᠤᠰᠤᠭᠠᠳ ᠭᠠᠷᠤᠯ᠎ᠠ᠃
     – ᠲᠠᠨ᠎ᠤ ᠡᠭᠦᠪᠡᠷ ᠭᠠᠭᠴᠠ ᠰᠡᠵᠢᠭ ᠲᠠᠢ ᠬᠦᠮᠦᠨ ᠶᠠᠪᠤᠭ᠎ᠠ ᠦᠭᠡᠢ ᠪᠢᠵᠠ? ᠭᠡᠵᠦ ᠪᠠᠳᠠᠷᠴᠢ ᠪᠦᠳᠦᠭᠦᠨ ᠲᠡᠩᠰᠡᠨ ᠲᠠᠰᠢᠭᠤᠷ᠎ᠢᠶᠠᠨ ᠮᠣᠷᠢᠨ᠎ᠤ᠎ᠪᠠᠨ ᠰᠢᠯᠢᠨ ᠳᠡᠭᠡᠭᠦᠷ ᠬᠦᠨᠳᠡᠯᠡᠨ ᠪᠠᠷᠢᠵᠤ ᠰᠦᠷ ᠪᠠᠳᠠᠷᠠᠭᠤᠯᠤᠨ ᠠᠰᠠᠭᠤᠪᠠ᠃
     – ᠶᠠᠪᠤᠭᠰᠠᠨ ᠪᠠᠢᠬ᠎ᠠ! ᠤᠷᠢᠳᠤ ᠰᠦᠨᠢ ᠲᠡᠷᠭᠡᠨ᠎ᠦ ᠭᠠᠭᠴᠠ ᠮᠣᠷᠢ ᠮᠢᠨᠢ ᠮᠣᠯᠲᠣᠯᠴᠢᠬᠠᠯ᠎ᠠ ᠭᠡᠵᠦ ᠡᠷᠳᠡᠨᠢ ᠨᠠᠮᠤᠭᠤᠬᠠᠨ ᠳᠠᠭᠤ᠎ᠪᠠᠷ ᠥᠴᠢᠪᠡ᠃
     – ᠶᠠᠭᠤ ᠭᠡᠨ᠎ᠡ ᠡ᠂ ᠮᠣᠷᠢ᠎ᠪᠠᠨ ᠬᠠᠷᠠᠵᠤ ᠴᠢᠳᠠᠬᠤ ᠦᠭᠡᠢ᠂ ᠣᠷᠭᠣᠳᠣᠣᠯ᠎ᠳᠤ ᠬᠦᠯ ᠵᠠᠯᠭᠠᠵᠤ ᠦᠭᠭᠦᠨ᠎ᠡ ᠭᠡᠨ᠎ᠡ ᠡ ᠭᠡᠵᠦ ᠬᠡᠯᠡᠬᠦ᠎ᠳᠦ ᠪᠠᠳᠠᠷᠴᠢ᠎ᠶᠢᠨ ᠨᠢᠭᠤᠷ᠎ᠤᠨ ᠪᠦᠬᠦ ᠠᠷᠠᠰᠤ ᠬᠢᠩᠭᠠᠨ ᠬᠠᠮᠠᠷ ᠳᠡᠭᠡᠷ᠎ᠡ᠎ᠪᠡᠨ ᠪᠥᠭᠡᠮᠨᠡᠷᠡᠪᠡ᠃
     <<ᠮᠣᠷᠢ᠎ᠪᠠᠨ ᠠᠯᠳᠠᠭᠰᠠᠨ ᠬᠦᠮᠦᠨ ᠪᠤᠷᠤᠭᠤᠳᠠᠳᠠᠭ ᠪᠤᠯ ᠬᠤᠯᠠᠭᠠᠢᠴᠢ᠎ᠪᠠᠨ ᠠᠯᠳᠠᠵᠤ ᠵᠠᠮ᠎ᠤᠨ ᠶᠠᠳᠠᠷᠠᠭᠰᠠᠨ ᠨᠠᠳᠠ ᠰᠢᠭ᠋ ᠠᠮᠢᠲᠠᠨ᠎ᠢ ᠶᠠᠪᠠᠭᠠᠯᠠᠭᠰᠠᠨ ᠲᠠ ᠳᠠᠪᠬᠤᠷ ᠪᠤᠷᠤᠭᠤ ᠲᠠᠢ ᠪᠠᠢᠬᠤ ᠳᠠ >> ᠭᠡᠵᠦ ᠬᠡᠯᠡᠮᠡᠷ ᠡᠷᠳᠡᠨᠢ᠎ᠳᠦ ᠰᠠᠨᠠᠭᠳᠠᠭᠰᠠᠨ ᠪᠣᠯᠪᠠᠴᠤ ᠳᠠᠬᠢᠨ ᠶᠠᠮᠠᠷ ᠴᠤ᠌ ᠵᠤᠪᠠᠯᠠᠩ᠎ᠳᠤ ᠤᠷᠤᠵᠤ ᠪᠤᠯᠤᠨ᠎ᠠ ᠭᠡᠵᠦ ᠪᠣᠯᠭᠤᠮᠵᠢᠯᠠᠭᠠᠳ ᠲᠡᠭᠡᠵᠦ ᠭᠡᠯᠡᠭᠰᠡᠨ ᠦᠭᠡᠢ᠃
     – ᠬᠠᠨᠠᠰᠠ ᠳᠠ᠃ ᠪᠢᠳᠡ ᠬᠤᠯᠠ ᠭᠠᠵᠠᠷ᠎ᠡᠴᠡ ᠪᠤᠭᠳᠠ᠎ᠳᠤ ᠮᠥᠷᠭᠦᠬᠦ ᠭᠡᠵᠦ ᠶᠠᠪᠤᠭ᠎ᠠ ᠴᠠᠭᠠᠴᠢᠨ ᠪᠠᠢᠨ᠎ᠠ ᠭᠡᠵᠦ ᠡᠷᠳᠡᠨᠢ ᠲᠠᠢᠪᠤᠩ ᠭᠡᠯᠡᠵᠠᠢ᠃
     – ᠤᠷᠢᠳᠤ ᠰᠦᠨᠢ ᠬᠡᠳᠦᠢ᠎ᠳᠦ ᠮᠣᠷᠢ᠎ᠪᠠᠨ ᠠᠯᠳᠠᠪᠠ? ᠭᠡᠵᠤ ᠪᠠᠳᠠᠷᠴᠢ᠎ᠶᠢᠨ ᠠᠰᠠᠭᠤᠬᠤ᠎ᠳᠤ ᠡᠷᠳᠡᠨᠢ ᠲᠡᠰᠴᠦ ᠴᠢᠳᠠᠭᠰᠠᠨ ᠦᠭᠡᠢ᠄
     – ᠬᠡᠳᠦᠢ᠎ᠳᠦ ᠢᠷᠡᠵᠤ ᠠᠪᠤᠭᠰᠠᠨ᠎ᠢ ᠨᠢ ᠮᠡᠳᠡᠭᠰᠡᠨ ᠪᠣᠯ ᠪᠢ ᠬᠠᠨᠠᠰᠠ ᠠᠯᠳᠠᠬᠤ ᠪᠢᠯᠡ ᠳᠠ᠃ ᠳᠣᠣᠷ᠎ᠠ ᠨᠢ ᠪᠠᠷᠢᠵᠤ ᠠᠪᠣᠭᠠᠳ ᠲᠠ ᠪᠦᠬᠦᠨ᠎ᠳᠦ ᠲᠣᠰᠢᠶᠠᠴᠢᠬᠠᠬᠤ ᠦᠭᠡᠢ ᠤᠤ ᠭᠡᠵᠦ ᠬᠠᠷᠢᠭᠤᠯᠬᠤ᠎ᠳᠤ᠂ ᠪᠠᠳᠠᠷᠴᠢ ᠪᠦᠳᠦᠭᠦᠨ ᠳᠠᠭᠤ᠎ᠪᠠᠷ ᠫᠠᠷ ᠫᠠᠷ ᠢᠨᠢᠶᠡᠨ ᠳᠠᠮᠳᠢᠨ ᠤᠷᠤᠭᠤ᠎ᠪᠠᠨ ᠬᠠᠷᠠᠵᠤ << ᠪᠠᠷᠢᠨ᠎ᠠ ᠭᠡᠨ᠎ᠡ ᠰᠢᠤ᠂ ᠡᠨᠡ ᠵᠡᠷᠭᠡ᠎ᠶᠢᠨ ᠳᠤᠯᠢᠳᠠᠷᠠᠢ ᠬᠦᠦ ᠪᠠᠷᠢᠬᠤ ᠶᠤᠮ ᠭᠡᠨ᠎ᠡ᠃ ᠮᠥᠨ ᠪᠤᠷᠤᠳᠠᠭ ᠡᠷ᠎ᠡ ᠡ >> ᠭᠡᠰᠡᠨ᠎ᠢᠶᠡᠨ ᠭᠡᠨᠡᠳᠲᠡ ᠢᠨᠢᠶᠡᠬᠦ᠎ᠪᠡᠨ ᠪᠤᠯᠢᠵᠤ ᠬᠥᠮᠥᠰᠭᠡ᠎ᠪᠡᠨ ᠵᠠᠩᠭᠢᠳᠤᠨ << ᠭᠤᠢᠯᠢᠨᠴᠢᠨ ᠮᠢᠨᠢ᠂ ᠴᠢᠮ᠎ᠠ ᠰᠢᠭ᠋ ᠶᠠᠭᠤᠮ᠎ᠠ᠎ᠳᠤ ᠪᠠᠷᠢᠭ᠍ᠳᠠᠬᠤ ᠡᠷ᠎ᠡ ᠪᠢᠰᠢ᠂ ᠪᠣᠳᠠᠭᠠᠨ᠎ᠤ᠎ᠪᠠᠨ ᠰᠠᠪᠠ ᠲᠠᠢ ᠬᠤᠴᠤᠷᠤᠭᠰᠠᠨ᠎ᠢᠶᠠᠨ ᠶᠡᠬᠡ ᠠᠵᠠ ᠭᠡᠵᠤ ᠮᠡᠳᠡ᠃ ᠵᠠᠰᠠᠭᠲᠤ ᠬᠠᠨ᠎ᠤ ᠴᠠᠬᠢᠭᠤᠷ ᠲᠡᠮᠦᠷ᠎ᠲᠦ ᠮᠣᠷᠢ᠎ᠪᠠᠨ ᠠᠯᠳᠠᠭᠰᠠᠨ᠎ᠢᠶᠠᠨ ᠮᠡᠳᠡᠵᠦ ᠪᠠᠢᠨᠠᠦ? ᠪᠠᠷᠢᠨ᠎ᠠ ᠭᠡᠨ᠎ᠡ ᠰᠢᠦ >> ᠭᠡᠳ ᠳᠠᠬᠢᠨ ᠢᠨᠢᠶᠡᠪᠡ᠃
     ᠵᠢᠯ ᠭᠠᠷᠦᠢ ᠰᠤᠷᠠᠭ᠎ᠢ ᠰᠣᠨᠤᠰᠤᠭ᠎ᠠ ᠦᠭᠡᠢ ᠭᠠᠭᠴᠠ ᠳᠡᠬᠦᠦ ᠪᠡᠨ ᠠᠮᠢᠳᠤ ᠮᠡᠨᠳᠦ ᠶᠠᠪᠤᠭ᠎ᠠ᠎ᠶᠢ ᠭᠡᠨᠡᠳᠲᠡ ᠰᠣᠨᠤᠰᠤᠭᠠᠳ ᠡᠷᠳᠡᠨᠢ᠎ᠶᠢᠨ ᠴᠢᠷᠠᠢ ᠬᠤᠪᠢᠷᠠᠨ ᠪᠠᠶᠠᠷ᠎ᠤᠨ ᠲᠤᠶᠠᠭ᠎ᠠ ᠲᠤᠳᠤᠷᠠᠪᠠ᠃ ᠡᠷᠳᠡᠨᠢ᠎ᠶᠢᠨ ᠡᠨᠡ ᠪᠠᠢᠳᠠᠯ᠎ᠢ ᠬᠠᠰᠢᠷ ᠪᠠᠳᠠᠷᠴᠢ ᠠᠵᠢᠵᠤ ᠠᠮᠵᠢᠪᠠ᠃
     – ᠮᠠᠭᠤ ᠨᠤᠬᠠᠢ ᠴᠢ ᠲᠡᠮᠦᠷ᠎ᠦᠨ ᠨᠠᠷ᠎ᠡ᠎ᠶᠢ ᠰᠤᠨᠤᠰᠤᠭᠠᠳ ᠦᠭᠡᠷ᠎ᠡ ᠪᠤᠯᠳᠠᠭ ᠴᠢᠨᠢ ᠶᠠᠭᠤ ᠪᠢᠯᠡ? ᠬᠠᠪᠰᠤᠭ᠎ᠠ ᠨᠢ ᠦᠦ? ᠭᠡᠵᠦ ᠠᠰᠠᠭᠤᠬᠤ ᠵᠠᠭᠤᠷ᠎ᠠ ᠲᠡᠮᠦᠷ᠎ᠢ ᠠᠯᠳᠠᠵᠤ ᠬᠤᠭᠤᠷᠠᠭᠰᠠᠨ ᠨᠡᠷ᠎ᠡ᠎ᠪᠡᠨ ᠪᠦᠳᠦᠨ ᠪᠤᠯᠭᠠᠬᠤ ᠨᠢᠭᠡ ᠠᠷᠭ᠎ᠠ ᠪᠤᠳᠤᠪᠠ᠃
     ᠰᠢᠷᠢ ᠲᠠᠢ ᠲᠠᠮᠦᠷ᠎ᠢ ᠪᠠᠷᠢᠵᠦ ᠴᠢᠳᠠᠭ᠎ᠠ ᠦᠭᠡᠢ ᠬᠤᠢᠨ᠎ᠠ ᠮᠣᠷᠢ ᠲᠠᠢ ᠲᠡᠮᠦᠷ᠎ᠢ ᠪᠠᠷᠢᠨ᠎ᠠ ᠭᠡᠳᠡᠭ ᠨᠢ ᠠᠯᠠᠭᠠᠨ᠎ᠤ ᠬᠤᠩᠬᠤᠷᠬᠠᠢ᠎ᠶᠢ ᠬᠠᠵᠠᠬᠤ ᠲᠠᠢ ᠠᠳᠠᠯᠢ ᠬᠡᠷᠡᠭ ᠪᠠᠢᠯ᠎ᠠ᠃ ᠡᠨᠡ ᠤᠴᠢᠷ᠎ᠡᠴᠡ ᠶᠠᠮᠠᠷ ᠨᠢᠭᠡᠨ ᠬᠦᠮᠦᠨ᠎ᠢ ᠤᠷᠭᠣᠭᠤᠯᠤᠭᠰᠠᠨ ᠬᠡᠷᠡᠭ᠎ᠲᠦ ᠲᠤᠯᠭᠠᠵᠤ᠂ ᠪᠠᠩᠵᠠ᠎ᠶᠢᠨ ᠬᠦᠴᠦ᠎ᠪᠡᠷ ᠬᠦᠯᠢᠶᠡᠯᠭᠡᠪᠡᠯ ᠨᠡᠷ᠎ᠡ ᠨᠢ ᠴᠡᠪᠡᠷᠰᠢᠵᠦ ᠪᠤᠯᠬᠤ ᠮᠡᠳᠦ ᠰᠠᠨᠠᠭᠳᠠᠪᠠ᠃
     ᠭᠡᠲᠡᠯ᠎ᠡ ᠭᠡᠷᠡᠭ᠎ᠦᠨ ᠤᠴᠢᠷ ᠪᠤᠷᠤᠭᠤᠳᠠᠵᠤ ᠪᠠᠢᠭ᠎ᠠ᠎ᠶᠢ ᠣᠢᠯᠭᠠᠭᠰᠠᠨ ᠡᠷᠳᠡᠨᠢ     << ᠪᠤᠳᠠᠭᠠᠨ᠎ᠤ᠎ᠪᠠᠨ ᠰᠠᠪᠠ ᠲᠠᠢ ᠦᠯᠡᠳᠡᠭᠰᠡᠨ ᠮᠢᠨᠢ ᠪᠤᠷᠬᠠᠨ᠎ᠤ ᠠᠪᠤᠷᠠᠯ ᠭᠡᠵᠦ ᠪᠤᠳᠤᠭᠠᠳ ᠪᠠᠶᠠᠷᠯᠠᠵᠤ ᠪᠠᠢᠨ᠎ᠠ >> ᠭᠡᠵᠦ ᠠᠵᠢᠭ᠋ ᠦᠭᠡᠢ ᠬᠠᠷᠢᠭᠤᠯᠪᠠ᠃
     ᠪᠠᠳᠠᠷᠴᠢ ᠬᠦᠮᠦᠰᠭᠡ᠎ᠪᠡᠨ ᠵᠠᠩᠭᠢᠳᠤᠨ᠂ ᠡᠷᠳᠡᠨᠢ᠎ᠶᠢ ᠠᠵᠢᠭ᠍ᠯᠠᠪᠠ᠃ ᠡᠮᠦᠨ᠎ᠡ ᠨᠢ ᠵᠤᠭᠰᠤᠵᠤ ᠪᠠᠢᠭ᠎ᠠ ᠡᠨᠡ ᠬᠦᠮᠦᠨ᠎ᠦ ᠬᠣᠪᠴᠠᠰᠦ ᠨᠢ ᠮᠠᠭᠤ ᠪᠣᠯᠪᠠᠴᠤ ᠭᠢᠯᠠᠯᠵᠠᠵᠤ ᠪᠠᠢᠭ᠎ᠠ ᠨᠢᠳᠦ᠂ ᠥᠷᠭᠡᠨ ᠬᠠᠩᠬᠠᠭᠠᠷ ᠮᠥᠷᠦ᠂ ᠬᠡᠯᠡᠵᠦ ᠪᠠᠢᠭ᠎ᠠ ᠦᠭᠡ ᠶᠠᠷᠢᠶ᠎ᠠ ᠨᠢ ᠲᠡᠢᠮᠦ ᠴᠤ᠌ ᠠᠮᠠᠷ ᠡᠷ᠎ᠡ ᠪᠢᠰᠢ ᠪᠠᠢᠯ᠎ᠠ᠃ ᠢᠩᠬᠢᠭᠡᠳ ᠪᠠᠳᠠᠷᠴᠢ᠎ᠶᠢᠨ ᠰᠠᠨᠠᠭᠠᠨ᠎ᠳᠤ ᠤᠷᠤᠭᠰᠠᠨ ᠪᠤᠳᠤᠯ ᠭᠡᠨᠡᠳᠲᠡ ᠵᠠᠮᠬᠠᠷᠠᠨ ᠠᠯᠠᠭ᠎ᠠ ᠪᠤᠯᠪᠠ᠃
     – ᠮᠠᠭᠤ ᠣᠷᠭᠣᠳᠣᠣᠯ ᠭᠤᠢᠯᠢᠨᠴᠢᠨ᠎ᠢ ᠬᠠᠮᠢᠭ᠎ᠠ ᠪᠠᠢᠭ᠎ᠠ ᠭᠡᠵᠦ ᠡᠷᠢᠳᠡᠭ ᠪᠢᠯᠡ ᠭᠡᠵᠦ ᠳᠠᠮᠳᠢᠨ ᠬᠡᠯᠡᠭᠰᠡᠨ᠎ᠢᠶᠡᠨ᠄ << ᠵᠠ᠂ ᠶᠠᠭᠤ ᠴᠤ᠌ ᠭᠡᠰᠡᠨ ᠭᠣᠣᠯ ᠥᠭᠰᠦᠶ᠎ᠡ >> ᠭᠡᠯ᠎ᠡ᠃
     – ᠡ ᠳᠠ᠂ ᠪᠡᠶ᠎ᠡ ᠮᠢᠨᠢ ᠣᠯᠳᠠᠬᠤ ᠨᠢ ᠥᠩᠭᠡᠷᠡᠭᠰᠡᠨ ᠪᠠᠢᠬ᠎ᠠ ᠭᠡᠵᠦ ᠳᠠᠮᠳᠢᠨ ᠬᠡᠯᠡᠪᠡ᠃
     ᠢᠩᠬᠢᠭᠡᠳ ᠬᠣᠶᠠᠷ ᠲᠠᠬᠠᠷ ᠮᠣᠷᠢ᠎ᠪᠠᠨ ᠲᠠᠰᠢᠭᠤᠷᠳᠠᠨ ᠶᠠᠪᠤᠬᠤ᠎ᠳᠤ ᠡᠷᠳᠡᠨᠢ ᠰᠢᠷᠲᠡᠨ ᠬᠣᠴᠣᠷᠪᠠ᠃
     – ᠠᠪᠤ ᠡ᠂ ᠶᠠᠭᠠᠬᠢᠭ᠍ᠰᠠᠨ ᠠᠶᠤᠮᠠᠷ ᠬᠦᠮᠦᠨ ᠪᠣᠢ? ᠭᠡᠵᠦ ᠡᠴᠢᠭᠡ᠎ᠶᠢᠨ᠎ᠢᠶᠡᠨ ᠬᠠᠵᠠᠭᠤ᠎ᠳᠤ ᠨᠠᠭᠠᠯᠳᠤᠨ ᠵᠣᠭᠰᠤᠵᠤ ᠪᠠᠢᠭ᠍ᠰᠠᠨ ᠪᠠᠲᠤ᠎ᠶᠢᠨ ᠬᠡᠯᠡᠬᠦ᠎ᠳᠦ᠂ ᠡᠷᠳᠡᠨᠢ ᠬᠦᠦ᠎ᠶᠢᠨ᠎ᠢᠶᠡᠨ ᠲᠣᠯᠣᠭᠠᠢ᠎ᠶᠢ ᠡᠩᠭᠦᠷᠠᠢᠯᠠᠨ ᠢᠯᠢᠭᠡᠳ ᠳᠣᠯᠭᠠᠷ᠎ᠲᠤ ᠬᠠᠨᠳᠤᠵᠤ << ᠶᠠᠪᠤᠭᠤᠯ᠎ᠤᠨ ᠬᠦᠮᠦᠨ᠎ᠦ ᠭᠠᠭᠴᠠ᠎ᠶᠢ ᠠᠪᠤᠭᠰᠠᠨ᠎ᠢ ᠪᠣᠳᠣᠬᠤ᠎ᠳᠤ ᠳᠡᠭᠦᠦ ᠮᠢᠨᠢ ᠶᠠᠳᠠᠷᠠᠵᠤ ᠳᠠ᠃ ᠮᠣᠷᠢᠨ᠎ᠤ ᠤᠴᠢᠷ ᠴᠤ᠌ ᠡᠢᠮᠦ ᠪᠠᠢᠵᠠᠢ᠃ ᠬᠠᠷᠢᠨ᠁ >> ᠭᠡᠳ ᠦᠭᠡ᠎ᠪᠡᠨ ᠲᠠᠰᠤᠯᠵᠤ ᠪᠤᠳᠤᠯ ᠪᠤᠯᠪᠠ᠃
     ᠮᠣᠷᠢ ᠬᠤᠳᠠᠯᠳᠤᠵᠤ ᠠᠪᠤᠶ᠎ᠠ ᠭᠡᠬᠦ᠎ᠳᠦ ᠪᠡᠯᠡᠬᠡᠨ ᠲᠤᠭᠠᠯᠠᠬᠤ ᠪᠡᠯᠡ ᠦᠭᠡᠢ ᠪᠤᠯᠬᠤᠷ ᠶᠠᠭᠤ ᠴᠤ᠌ ᠭᠡᠰᠡᠨ ᠡᠨᠳᠡ ᠬᠡᠳᠦ ᠬᠤᠨᠦᠵᠦ ᠬᠦᠮᠦᠨ ᠲᠠᠢ ᠠᠭᠤᠯᠵᠠᠨ ᠠᠷᠭ᠎ᠠ ᠵᠠᠢ ᠬᠠᠢᠬᠤ᠎ᠠᠴᠠ ᠥᠭᠡᠷ᠎ᠡ ᠵᠠᠮ ᠪᠠᠢᠭ᠍ᠰᠠᠨ ᠦᠭᠡᠢ᠃
     – ᠵᠠ ᠬᠥ᠂ ᠪᠢ ᠲᠡᠷᠡ ᠭᠤᠷᠪᠠᠨ ᠭᠡᠷ᠎ᠲᠦ ᠤᠴᠢᠵᠤ ᠤᠨᠤᠭ᠎ᠠ ᠭᠣᠶᠣᠶ᠎ᠠ᠃ ᠠᠢᠯ ᠪᠠᠷᠠᠭᠠᠳᠠᠪᠠᠯ ᠳᠡᠭᠡᠷ᠎ᠡ᠃ ᠶᠠᠳᠠᠵᠤ ᠠᠶᠠᠭ᠎ᠠ ᠲᠠᠷᠠᠭ᠂ ᠰᠦ ᠣᠯᠳᠠᠬᠤ ᠪᠠᠢᠬᠤ ᠭᠡᠳ ᠡᠷᠳᠡᠨᠢ ᠳᠡᠷᠲᠡᠭᠡ ᠬᠠᠷᠠᠭᠳᠠᠵᠤ᠌ ᠪᠠᠢᠭ᠎ᠠ ᠢᠳᠡᠭᠡᠯᠲᠥ᠍᠎ᠶᠢᠨ ᠬᠤᠲᠠ ᠣᠷᠣᠭᠤ ᠠᠯᠬᠤᠪᠠ᠃
     ᠲᠡᠭᠷᠢ᠎ᠳᠦ ᠥᠴᠦᠬᠡᠨ ᠴᠤ᠌ ᠡᠭᠦᠯᠡ ᠦᠭᠡᠢ ᠪᠦᠭᠡᠳ ᠬᠤᠷᠴᠠ ᠨᠠᠷᠠ ᠬᠠᠢᠷ᠎ᠠ ᠨᠠᠢᠷ ᠦᠭᠡᠢ ᠰᠢᠷᠠᠵᠤ᠂ ᠥᠩ ᠲᠠᠢ ᠵᠤᠨ᠎ᠤ ᠤᠷᠲᠤ ᠨᠤᠭᠤᠭ᠎ᠠ ᠬᠦᠯ ᠳ᠋ᠤᠨᠢ ᠣᠷᠢᠶᠠᠯᠳᠤᠵᠤ ᠪᠠᠢᠯ᠎ᠠ᠃ ᠡᠷᠳᠡᠨᠢ ᠬᠡᠳᠦᠢ᠎ᠪᠡᠷ ᠨᠢᠷᠤᠭᠤ᠎ᠪᠠᠨ ᠡᠭᠦᠷᠦᠨ᠂ ᠨᠡᠯᠢᠶᠡᠳ ᠪᠦᠯᠬᠦᠢᠨ ᠬᠦᠴᠦᠯᠡᠨ ᠠᠯᠬᠤᠪᠠᠴᠤ ᠭᠠᠵᠠᠷ ᠨᠢ ᠲᠦᠭᠦᠬᠦ ᠦᠭᠡᠢ ᠠᠵᠢ᠃
     ᠳᠡᠭᠡᠭᠦᠷ ᠨᠢ ᠬᠣᠶᠠᠷ ᠠᠩᠭᠢᠷ ᠳᠡᠪᠢᠨ ᠨᠢᠰᠦᠭᠰᠡᠭᠡᠷ ᠥᠩᠭᠡᠷᠡᠬᠦ᠎ᠳᠦ ᠠᠳᠠᠭᠠᠷᠬᠠᠭᠰᠠᠨ ᠨᠢᠳᠦ᠎ᠪᠡᠷ ᠰᠢᠷᠳᠡᠵᠤ ᠪᠠᠬᠠᠨ ᠵᠤᠭᠰᠤᠭᠠᠳ ᠳᠠᠯᠳᠠ ᠤᠷᠤᠬᠤ ᠳ᠋ᠤᠨᠢ ᠰᠠᠨᠠᠭ᠎ᠠ ᠠᠯᠳᠠᠭᠰᠠᠨ᠎ᠢᠶᠠᠨ ᠬᠠᠨᠴᠤᠢ᠎ᠪᠠᠷ ᠬᠥᠯᠦᠰᠦ᠎ᠪᠡᠨ ᠠᠷᠴᠢᠭᠠᠳ ᠠᠯᠬᠤᠪᠠ᠃
     ᠶᠠᠪᠤᠭᠰᠠᠨ ᠬᠦᠮᠦᠨ ᠵᠤᠰᠤᠭᠰᠠᠨ ᠶᠠᠭᠤᠮ᠎ᠠ᠎ᠳᠤ ᠬᠦᠷᠳᠡᠭ ᠪᠤᠯᠬᠤᠷ ᠡᠷᠳᠡᠨᠢ ᠢᠳᠡᠭᠡᠯᠲᠥ᠍᠎ᠶᠢᠨ ᠲᠤᠮᠣ᠌ ᠭᠡᠷ᠎ᠲᠦ ᠤᠷᠤᠵᠤ ᠠᠮᠤᠷ ᠮᠡᠨᠳᠦ᠎ᠶᠢ ᠠᠰᠠᠭᠤᠯᠴᠠᠨ ᠰᠠᠭᠤᠭᠠᠳ ᠬᠢᠵᠦ ᠦᠭᠭᠦᠭᠰᠡᠨ ᠲᠤᠮᠤ ᠬᠣᠯᠤ ᠠᠢᠷᠠᠭ᠎ᠢ ᠤᠤᠭᠤᠬᠤ ᠵᠠᠭᠤᠷ᠎ᠠ ᠪᠣᠭᠳᠠ᠎ᠳᠦ ᠮᠥᠷᠭᠦᠬᠦ᠎ᠪᠡᠷ ᠶᠠᠪᠤᠵᠤ ᠪᠠᠢᠭᠠᠳ ᠭᠠᠭᠴᠠ ᠮᠣᠷᠢ᠎ᠪᠠᠨ ᠬᠤᠯᠠᠭᠠᠢ᠎ᠳᠤ ᠠᠯᠳᠠᠭᠰᠠᠨ ᠲᠤᠬᠠᠢ ᠶᠠᠷᠢᠭᠠᠳ ᠠᠢᠯ ᠪᠠᠷᠠᠭᠠᠳᠠᠬᠤ ᠤᠨᠤᠭ᠎ᠠ ᠭᠤᠶᠤᠪᠠ᠃
     – ᠲᠠᠮᠠᠭᠠᠨ ᠳᠡᠭᠡᠷ᠎ᠡ᠎ᠠᠴᠠ ᠴᠠᠬᠢᠭᠤᠷ ᠲᠡᠮᠦᠷ᠎ᠢ ᠠᠯᠳᠠᠭᠰᠠᠨ ᠭᠡᠨ᠎ᠡ ᠪᠢᠯᠡ᠃ ᠮᠣᠷᠢ᠎ᠶᠢ ᠴᠢᠨᠢ ᠲᠡᠷᠡ ᠯᠡ ᠠᠪᠴᠢᠬᠠᠭᠰᠠᠨ ᠪᠠᠢᠬ᠎ᠠ ᠳᠠ᠃ ᠲᠠ ᠠᠯᠢ ᠬᠤᠰᠢᠭᠤᠨ᠎ᠤ ᠬᠦᠮᠦᠨ ᠪᠤᠢ? ᠭᠡᠵᠦ ᠢᠳᠡᠭᠡᠯᠲᠥ᠍ ᠠᠰᠠᠭᠤᠪᠠ᠃
     ᠡᠷᠳᠡᠨᠢ ᠬᠡᠰᠡᠭ ᠲᠥᠭᠳᠡᠷᠡᠭᠡᠳ ᠬᠤᠳᠠᠯ ᠬᠡᠯᠡᠵᠦ ᠴᠢᠳᠠᠭᠰᠠᠨ ᠦᠭᠡᠢ ᠬᠤᠰᠢᠭᠤ ᠨᠤᠲᠤᠭ᠎ᠢᠶᠠᠨ ᠦᠨᠡᠨ ᠵᠦᠪ ᠬᠡᠯᠡᠪᠡ᠃
     ᠢᠳᠡᠭᠡᠯᠲᠥ᠍ ᠨᠢᠳᠦ᠎ᠪᠡᠨ ᠲᠦᠷᠭᠡᠨ ᠲᠦᠷᠭᠡᠨ ᠴᠠᠪᠴᠢᠯᠠᠵᠤ ᠬᠣᠯᠠᠭᠠᠢ ᠨᠢᠳᠦ᠎ᠪᠡᠷ ᠡᠷᠳᠡᠨᠢ᠎ᠶᠢ ᠠᠵᠢᠭ᠍ᠯᠠᠨ᠎ᠠ᠃
     –  ᠲᠠᠢᠰᠢᠷᠢ᠂ ᠲᠠᠷᠯᠠᠨ ᠪᠣᠬ᠎ᠠ᠂ ᠲᠠᠪᠠᠭ ᠬᠠᠷ᠎ᠠ᠂ ᠨᠣᠴᠤᠳᠠᠭ ᠳᠡᠭᠡᠭᠡ ᠭᠡᠵᠦ ᠵᠠᠰᠠᠭᠲᠤ ᠬᠠᠨ᠎ᠤ ᠬᠥᠬᠡ ᠬᠠᠷᠠᠴᠤᠳ ᠬᠡᠴᠡᠭᠦᠦ ᠭᠡᠳᠡᠭ ᠳᠠ᠃ ᠲᠠ ᠨᠠᠮᠠᠶ᠋ᠢ ᠲᠠᠨᠢᠬᠤ ᠦᠭᠡᠢ᠂ ᠪᠢ ᠲᠠᠨ᠎ᠢ ᠲᠠᠨᠢᠬᠤ ᠦᠭᠡᠢ᠃ ᠪᠡᠶ᠎ᠡ ᠪᠡᠶ᠎ᠡ᠎ᠳᠡᠭᠡᠨ ᠪᠠᠯᠠᠭ ᠦᠭᠡᠢ ᠰᠠᠯᠪᠠᠯ ᠳᠡᠭᠡᠷ᠎ᠡ ᠪᠠᠢᠬ᠎ᠠ ᠭᠡᠳ ᠢᠳᠡᠭᠡᠯᠲᠥ᠍ ᠪᠣᠰᠪᠠ᠃
     ᠡᠨᠡ ᠦᠶ᠎ᠡ᠎ᠳᠦ ᠭᠠᠳᠠᠨ᠎ᠠ᠎ᠡᠴᠡ ᠭᠠᠯᠰᠠᠩ ᠤᠷᠤᠵᠤ ᠢᠷᠡᠭᠡᠳ ᠡᠪᠦᠷ᠎ᠡᠴᠡ᠎ᠪᠡᠨ ᠪᠢᠴᠢᠭ᠌ ᠭᠠᠷᠭᠠᠵᠤ << ᠠᠬ᠎ᠠ ᠡ᠂ ᠦᠷᠲᠡᠭᠡᠨ᠎ᠦ ᠵᠠᠩᠭᠢ ᠡᠨᠡ ᠪᠢᠴᠢᠭ᠌᠎ᠢ ᠲᠠᠨ᠎ᠳᠤ ᠪᠠᠷᠢᠭᠠᠷᠠᠢ ᠭᠡᠰᠡᠨ ᠶᠤᠮ ᠭᠡᠨ᠎ᠡ ᠪᠢᠯᠡ >> ᠭᠡᠳ ᠢᠳᠡᠭᠡᠯᠲᠥ᠍᠎ᠳᠦ ᠥᠭᠭᠦᠯ᠎ᠡ᠃
     ᠢᠳᠡᠭᠡᠯᠲᠥ᠍ ᠳᠤᠭᠲᠤᠢ ᠲᠠᠢ ᠪᠢᠴᠢᠭ᠌᠎ᠢ ᠠᠪᠴᠤ ᠪᠠᠬᠠᠨ ᠡᠷᠭᠢᠬᠦᠯᠵᠦ ᠬᠠᠷᠠᠭᠰᠠᠨ᠎ᠢᠶᠠᠨ << ᠡᠨᠡ ᠵᠤᠯᠢᠭ᠋᠎ᠢ ᠴᠢᠨᠢ ᠬᠡᠨ᠎ᠢᠶᠡᠷ ᠳᠠᠭᠤᠳᠠᠭᠤᠯᠳᠠᠭ ᠪᠢᠯᠡ >> ᠭᠡᠯ᠎ᠡ᠃
     – ᠪᠢ ᠤᠩᠰᠢᠵᠤ ᠦᠭᠪᠡᠯ ᠪᠤᠯᠬᠤ ᠰᠠᠨ ᠪᠣᠯᠪᠠ ᠦᠦ ᠭᠡᠵᠦ ᠡᠷᠳᠡᠨᠢ ᠴᠢᠷᠠᠢᠴᠢᠯᠠᠨ ᠨᠠᠮ ᠳᠠᠭᠤ᠎ᠪᠠᠷ ᠬᠡᠯᠡᠪᠡ᠃
     ᠢᠳᠡᠭᠡᠯᠲᠥ᠍ ᠡᠷᠳᠡᠨᠢ᠎ᠶᠢ ᠭᠠᠢᠬᠠᠨ ᠠᠵᠢᠭ᠍ᠯᠠᠭᠰᠠᠨ᠎ᠢᠶᠠᠨ ᠲᠤᠭᠤᠮᠵᠢᠷ ᠦᠭᠡᠢ ᠶᠤᠵᠤᠲᠠᠢ ᠢᠨᠢᠶᠡᠮᠰᠦᠭ᠌ᠯᠠᠭᠡᠳ << ᠣᠩᠰᠢᠵᠤ ᠥᠭᠭᠦᠶ᠎ᠡ ᠭᠡᠪᠡ ᠦᠦ᠂ ᠲᠠ ᠦᠦ ᠳᠠ!>> ᠭᠡᠬᠦ᠎ᠳᠦ᠂
     – ᠲᠡᠢᠮᠦ ᠡ᠂ ᠪᠢ ᠬᠠᠯᠲᠤ ᠮᠥᠯᠲᠥ᠍ ᠭᠠᠷᠭᠠᠳᠠᠭ ᠶᠤᠮ ᠭᠡᠵᠦ ᠡᠷᠳᠡᠨᠢ ᠲᠠᠢᠪᠤᠩ ᠬᠠᠷᠢᠭᠤᠯᠪᠠ᠃
     – ᠲᠡᠭᠡᠪᠡᠯ ᠭᠢᠯᠠᠢᠯ᠎ᠠ ᠭᠡᠰᠡᠨ ᠦᠭᠡ᠃
     ᠡᠷᠳᠡᠨᠢ ᠪᠢᠴᠢᠭ᠌᠎ᠢ ᠠᠪᠴᠤ ᠵᠠᠳᠠᠯᠤᠨ ᠥᠨᠳᠥᠷ ᠳᠠᠭᠤ᠎ᠪᠠᠷ << ᠠᠬᠠᠢ ᠪᠠᠢᠰᠠ᠎ᠶᠢᠨ ᠬᠤᠰᠢᠭᠣᠨ᠎ᠤ ᠵᠠᠬᠢᠷᠤᠭ᠍ᠴᠢ ᠵᠠᠮᠰᠦ᠋ᠷᠦᠩ᠎ᠤᠨ ᠪᠢᠴᠢᠭ᠌᠁ >> ᠭᠡᠳ ᠥᠷᠭᠦᠯᠵᠢᠯᠡᠭᠦᠯᠦᠨ ᠣᠩᠰᠢᠪᠠ᠃ ᠲᠡᠷᠡ ᠪᠢᠴᠢᠭ᠌᠎ᠲᠦ ᠠᠬᠠᠢ ᠪᠡᠢᠰᠡ᠎ᠶᠢᠨ ᠬᠣᠰᠢᠭᠤᠨ᠎ᠠᠴᠠ ᠲᠠᠷᠢᠪᠣᠷᠤ᠎ᠶᠢᠨ ᠥᠷᠲᠡᠭᠡᠨ᠎ᠳᠦ ᠬᠢᠬᠦ ᠠᠯᠪᠠ᠎ᠶᠢ ᠠᠴᠤᠭᠯᠠᠨ ᠵᠠᠯᠭᠠᠵᠤ ᠪᠠᠢᠭ᠎ᠠ ᠢᠳᠡᠭᠡᠯᠲᠥ᠍᠎ᠶᠢᠨ ᠠᠪᠤᠯᠭ᠎ᠠ᠎ᠶᠢ ᠬᠣᠰᠢᠭᠤᠨ᠎ᠠᠴᠠ ᠭᠠᠷᠭᠠᠭᠤᠯᠵᠤ ᠲᠦᠯᠦᠬᠦ ᠪᠤᠯᠤᠭᠰᠠᠨ ᠲᠤᠬᠠᠢ ᠳᠣᠷᠠᠳᠴᠠᠢ᠃
     ᠤᠯᠠᠭᠠᠨ ᠱᠤᠭᠤᠮ ᠲᠠᠢ ᠮᠤᠤᠳᠤᠤ ᠴᠠᠭᠠᠰᠤᠨ ᠳᠡᠭᠡᠷ᠎ᠡ ᠪᠢᠴᠢᠭᠳᠡᠭᠰᠡᠨ ᠪᠢᠴᠢᠭ᠌᠎ᠢ ᠨᠢᠭᠡ ᠴᠤ᠌ ᠤᠳᠠᠭ᠎ᠠ ᠲᠦᠭᠳᠡᠷᠡᠯ ᠦᠭᠡᠢ ᠲᠤᠷᠴᠢᠬᠢᠨᠠᠭᠤᠯᠤᠨ ᠤᠩᠰᠢᠵᠤ ᠪᠠᠢᠭ᠎ᠠ ᠡᠷᠳᠡᠨᠢ᠎ᠶᠢ ᠬᠠᠷᠠᠭᠠᠳ ᠢᠳᠡᠭᠡᠯᠲᠥ᠍ ᠶᠡᠬᠡᠳᠡ ᠭᠠᠢᠬᠠᠪᠠ᠃
     ᠲᠣᠷᠭᠠᠨ ᠳᠡᠪᠡᠯ ᠲᠠᠢ᠂ ᠨᠠᠷᠢᠨ ᠴᠠᠭᠠᠨ ᠬᠤᠷᠤᠭᠤ ᠲᠠᠢ ᠨᠤᠶᠠᠨ ᠲᠦᠰᠢᠮᠡᠯ ᠨᠠᠷ᠎ᠤᠨ ᠣᠩᠰᠢᠳᠠᠭ ᠪᠢᠴᠢᠭ᠌᠎ᠢ ᠤᠷᠠᠩᠬᠠᠢ ᠳᠡᠪᠡᠯ ᠲᠠᠢ᠂ ᠲᠤᠷᠠᠩᠬᠠᠢ ᠴᠢᠷᠠᠢ ᠲᠠᠢ ᠬᠠᠲᠠᠭᠤ ᠠᠵᠢᠯ᠎ᠳᠤ ᠡᠪᠡᠷᠲᠦᠵᠦ ᠪᠤᠷᠤᠯᠠᠭᠰᠠᠨ ᠭᠠᠷ ᠲᠠᠢ ᠴᠠᠭᠠᠴᠢᠨ ᠤᠩᠰᠢᠵᠤ ᠪᠠᠢᠭ᠎ᠠ ᠨᠢ ᠢᠳᠡᠭᠡᠯᠲᠥ᠍᠎ᠳᠦ ᠦᠯᠡᠮᠵᠢ ᠰᠤᠨᠢᠨ ᠭᠡᠷᠡᠭ ᠪᠠᠢᠪᠠ᠃
     ᠢᠳᠡᠭᠡᠯᠲᠥ᠍ ᠪᠠᠭ᠎ᠠ᠎ᠳᠠᠭᠠᠨ ᠪᠢᠴᠢᠭ᠌ ᠵᠢᠭᠠᠯᠭᠠᠬᠤ ᠭᠡᠵᠦ ᠤᠷᠤᠯᠳᠤᠭᠰᠠᠨ ᠪᠤᠯᠪᠠᠴᠤ ᠰᠤᠷᠤᠭ᠎ᠠ ᠦᠭᠡᠢ᠃
     ᠲᠡᠭᠡᠭᠡᠳ ᠣᠳᠣ᠌ ᠮᠠᠯ᠎ᠤᠨ᠎ᠢᠶᠠᠨ ᠳᠠᠩᠰᠠ᠎ᠶᠢ᠂ ᠬᠡᠭᠡᠯ ᠲᠠᠢ ᠮᠠᠯ᠎ᠢ ᠳᠣᠲᠣᠷ᠎ᠠ᠎ᠪᠠᠨ ᠳᠤᠭᠤᠢ ᠲᠠᠢ ᠳᠦᠷᠪᠡᠯᠵᠢᠨ ᠬᠦᠷᠢᠶ᠎ᠡ᠂ ᠰᠣᠪᠠᠢ ᠮᠠᠯ᠎ᠢ ᠳᠦᠷᠪᠡᠯᠵᠢᠨ ᠬᠦᠷᠢᠶ᠎ᠡ ᠭᠡᠬᠦ ᠮᠡᠳᠦ᠎ᠶᠢᠨ ᠲᠡᠮᠳᠡᠭ᠎ᠢᠶᠡᠷ ᠵᠢᠷᠦᠵᠤ ᠲᠤᠭᠠᠯᠠᠳᠠᠭ ᠶᠤᠮ᠃ ᠡᠨᠡ ᠤᠴᠢᠷ᠎ᠠᠴᠠ ᠪᠢᠴᠢᠭ᠌ ᠲᠠᠢ ᠵᠠᠷᠤᠴᠠ ᠦᠪᠡᠷ᠎ᠢᠶᠡᠨ ᠬᠦᠷᠦᠭᠡᠳ ᠢᠷᠡᠨ᠎ᠡ ᠭᠡᠳᠡᠭ ᠪᠤᠯ ᠵᠡᠭᠦᠳᠦᠯᠡᠭᠡ ᠦᠭᠡᠢ ᠪᠠᠶᠠᠷ ᠪᠠᠢᠯ᠎ᠠ᠃
     –  ᠲᠠᠨ᠎ᠤ ᠬᠤᠰᠢᠭᠤᠨ᠎ᠤ ᠬᠢᠨ᠎ᠢ ᠬᠡᠴᠡᠭᠦᠦ ᠬᠡᠯᠡᠴᠡᠳᠡᠭ᠃ ᠭᠡᠪᠡᠴᠦ ᠤᠯᠠᠨ ᠮᠣᠳᠣ᠌ ᠦᠨᠳᠦᠷ ᠲᠠᠢ ᠨᠠᠮ ᠲᠠᠢ᠂ ᠤᠯᠠᠨ ᠬᠦᠮᠦᠨ ᠰᠠᠢᠨ ᠲᠠᠢ ᠮᠠᠭᠤ ᠲᠠᠢ ᠪᠠᠢᠳᠠᠭ᠂ ᠪᠠᠰᠠ ᠲᠡᠭᠡᠭᠡᠳ ᠮᠣᠩᠭᠣᠯ ᠠᠬ᠎ᠠ ᠳᠡᠬᠦᠦ ᠪᠠᠢᠨ᠎ᠠ᠂ ᠶᠠᠳᠠᠷᠠᠭᠰᠠᠨ ᠬᠦᠮᠦᠨ᠎ᠳᠦ ᠳᠤᠰᠠᠯᠠᠬᠤ ᠦᠭᠡᠢ ᠶᠠᠭᠠᠬᠢᠬᠤᠪ᠃ ᠶᠡᠷᠦᠨᠢ ᠰᠢᠭᠤᠳ ᠮᠠᠨ᠎ᠤ ᠬᠠᠶᠠᠭᠠᠨ᠎ᠳᠤ ᠢᠷᠡᠭᠡᠳ ᠪᠠᠭᠤᠵᠤ ᠣᠷᠬᠢ ᠭᠡᠵᠦ ᠦᠷᠦ ᠡᠪᠡᠳᠦᠭᠰᠡᠨ ᠡᠯᠢᠭᠡᠰᠡᠭ ᠳᠠᠭᠤ᠎ᠪᠠᠷ ᠬᠡᠯᠡᠪᠡ᠃ ᠭᠠᠴᠢᠭ᠍ᠳᠠᠵᠤ ᠶᠠᠳᠠᠷᠠᠭᠰᠠᠨ ᠬᠦᠮᠦᠨ ᠢᠳᠡᠭᠡᠬᠦ᠎ᠳᠡᠭᠡᠨ ᠠᠮᠠᠷᠬᠠᠨ ᠪᠠᠢᠳᠠᠭ ᠪᠤᠯᠬᠤᠷ ᠢᠳᠡᠭᠡᠯᠲᠥ᠍᠎ᠶᠢᠨ ᠡᠨᠡ ᠦᠭᠡᠨ᠎ᠳᠦ ᠡᠷᠳᠡᠨᠢ᠎ᠶᠢᠨ ᠰᠡᠳᠬᠢᠯ ᠪᠠᠶᠠᠷ ᠨᠠᠢᠳᠠᠪᠤᠷᠢ᠎ᠪᠠᠷ ᠳᠦᠭᠦᠷᠪᠡ᠃
     ᠡᠷᠳᠡᠨᠢ ᠢᠳᠡᠭᠡᠯᠲᠥ᠍᠎ᠶᠢᠨ ᠬᠢ᠎ᠡᠴᠡ ᠵᠠᠭᠠᠨ ᠰᠢᠭ᠋ ᠬᠤᠶᠠᠷ ᠬᠠᠢᠨᠤᠭ ᠬᠦᠯᠦᠭᠰᠡᠨ ᠲᠡᠷᠭᠡ ᠠᠪᠤᠭᠠᠳ ᠶᠠᠪᠤᠬᠤ᠎ᠳᠤ ᠭᠡᠷ᠎ᠦᠨ ᠡᠵᠡᠨ ᠭᠠᠯᠰᠠᠩ᠎ᠢ ᠳᠠᠭᠤᠳᠠᠵᠤ << ᠳᠡᠭᠦᠦ ᠮᠢᠨᠢ ᠡᠨᠡ ᠶᠠᠳᠠᠷᠠᠭᠰᠠᠨ ᠬᠦᠮᠦᠨ᠎ᠳᠦ ᠳᠤᠰᠠᠯᠠᠵᠤ ᠦᠵᠡ᠃ ᠬᠡᠨ ᠮᠠᠨᠢ ᠢᠯᠭᠠᠭ᠎ᠠ ᠶᠠᠭᠤ ᠪᠠᠢᠬᠤ ᠪᠤᠢ >> ᠭᠡᠵᠠᠢ᠃
     ᠡᠷᠳᠡᠨᠢ ᠵᠠᠮ᠎ᠳᠠᠭᠠᠨ ᠭᠠᠯᠰᠠᠩ ᠲᠠᠢ ᠲᠠᠨᠢᠯᠴᠠᠪᠠ᠃
     –  ᠠᠬ᠎ᠠ ᠬᠡᠳᠦᠢ ᠰᠢᠷᠦᠭᠦᠨ ᠵᠠᠩ ᠲᠠᠢ ᠪᠤᠯᠪᠠᠴᠦ ᠨᠢᠷᠤᠭᠤ ᠰᠠᠢᠲᠠᠢ᠂ ᠳᠤᠰᠠᠷᠬᠠᠭ ᠬᠦᠮᠦᠨ ᠰᠢᠦ᠃ ᠬᠠᠷᠢᠨ ᠲᠡᠭᠡᠬᠦ᠎ᠳᠡᠭᠡᠨ ᠬᠦᠮᠦᠨ᠎ᠢ ᠥᠪᠡᠷ ᠰᠢᠭ᠌᠎ᠢᠶᠡᠨ ᠯᠡ ᠠᠵᠢᠯ ᠲᠠᠢ ᠪᠠᠢᠯᠭᠠᠬᠤ᠎ᠶᠢ ᠬᠢᠴᠢᠶᠡᠳᠡᠭ ᠶᠤᠮ ᠳᠠ ᠭᠡᠵᠦ ᠭᠠᠯᠰᠠᠩ ᠶᠠᠷᠢᠪᠠ᠃
     ᠬᠣᠷᠢ ᠭᠠᠷᠤᠢ ᠨᠠᠰᠤᠲᠠᠢ ᠡᠨᠡ ᠡᠷ᠎ᠡ ᠪᠣᠯ ᠢᠳᠡᠭᠡᠯᠲᠥ᠍᠎ᠶᠢᠨ ᠲᠦᠯᠦᠭᠡ ᠡᠯᠵᠢᠭᠡ ᠮᠡᠳᠦ ᠵᠢᠳᠭᠦᠭᠴᠢ ᠨᠠᠢᠳᠠᠪᠦᠷᠢ ᠲᠠᠢ ᠵᠠᠷᠤᠴᠠ ᠨᠢ ᠪᠢᠯᠡ᠃
     ᠲᠡᠷᠡ ᠣᠷᠤᠢ ᠡᠷᠳᠡᠨᠢ᠎ᠶᠢᠨ ᠮᠠᠭᠤ ᠮᠠᠢᠬᠠᠨ ᠢᠳᠡᠭᠡᠯᠲᠥ᠍᠎ᠶᠢᠨ ᠬᠣᠲᠠ᠎ᠶᠢᠨ ᠪᠠᠷᠠᠭᠤᠨ ᠬᠤᠢᠨ᠎ᠠ ᠪᠤᠰᠴᠦ᠂ ᠠᠮᠢᠳᠤᠷᠠᠯ᠎ᠤᠨ ᠬᠠᠳᠠᠭᠤ ᠬᠠᠤᠯᠢ ᠡᠷᠳᠡᠨᠢ᠎ᠶᠢ ᠡᠬᠡᠨᠡᠷ ᠬᠡᠤᠬᠡᠳ᠎ᠤᠨ ᠬᠢᠨᠢ ᠬᠠᠮᠳᠤ ᠬᠦᠮᠦᠨ᠎ᠦ ᠨᠤᠲᠤᠭ᠎ᠲᠤ ᠠᠢᠯ᠎ᠤᠨ ᠵᠠᠷᠤᠴᠠ ᠪᠤᠯᠭᠠᠵᠠᠢ᠃
     – ᠵᠠ᠂ ᠡᠷᠳᠡᠨᠢ ᠮᠢᠨᠢ᠃ ᠲᠡᠩᠬᠡᠷᠡᠳᠡᠯ᠎ᠡ᠎ᠪᠡᠨ ᠮᠠᠨ᠎ᠤ ᠬᠡᠳᠦᠨ ᠮᠠᠯ᠎ᠠᠴᠠ ᠬᠠᠷᠠᠯᠴᠠᠵᠤ ᠥᠭᠭᠦᠭᠡᠳ ᠪᠠᠢᠵᠤ ᠦᠵᠡ᠃ ᠪᠢ ᠴᠢᠮᠠᠶ᠋ᠢ ᠭᠤᠮᠤᠳᠠᠭᠠᠬᠤ ᠦᠭᠡᠢ᠃ ᠬᠤᠶᠠᠷ ᠦᠨᠢᠶ᠎ᠡ ᠰᠠᠭᠠᠵᠤ ᠴᠠᠢ᠎ᠪᠠᠨ ᠰᠦᠯᠡ᠃ ᠬᠡᠨ ᠬᠡᠨ᠎ᠳᠡᠭᠡᠨ ᠲᠤᠰᠠ ᠪᠤᠯᠤᠶ᠎ᠠ ᠭᠡᠵᠦ ᠢᠳᠡᠭᠡᠯᠲᠥ᠍᠎ᠶᠢᠨ ᠬᠡᠯᠡᠭᠰᠡᠨ᠎ᠢ ᠡᠷᠳᠡᠨᠢ ᠳᠤᠷ᠎ᠠ ᠲᠠᠢ ᠵᠦᠪᠰᠢᠶᠡᠷᠡᠵᠠᠢ᠃
     ᠠᠮᠢᠳᠤᠷᠠᠯ᠎ᠤᠨ ᠰᠢᠷᠦᠭᠦᠨ ᠤᠷᠤᠰᠬᠠᠯ᠎ᠢ ᠰᠦᠷᠴᠦ᠂ ᠬᠠᠭᠠᠨ ᠲᠠᠢ ᠬᠦᠷᠳᠡᠯ᠎ᠡ ᠵᠠᠷᠭᠤᠯᠳᠤᠭᠠᠳ ᠰᠡᠭᠦᠯ ᠳ᠋ᠤᠨᠢ ᠡᠪᠦᠭᠡ ᠳᠡᠭᠡᠳᠦᠰ᠎ᠦᠨ ᠨᠤᠲᠤᠭ᠎ᠠᠴᠠ ᠬᠠᠪᠴᠢᠭ᠍ᠳᠠᠨ ᠵᠠᠢᠯᠠᠵᠤ ᠨᠢᠭᠡ ᠵᠤᠪᠠᠯᠠᠩ᠎ᠠᠴᠠ ᠨᠥᠭᠦᠭᠡ ᠵᠤᠪᠠᠯᠠᠩ ᠤᠷᠤᠭᠤ ᠳᠠᠮᠵᠢᠨ ᠤᠷᠤᠭᠰᠠᠨ ᠡᠷᠳᠡᠨᠢ᠎ᠶᠢᠨ ᠰᠡᠳᠬᠢᠯ ᠵᠤᠷᠢᠭ᠋ ᠠᠶᠠᠨᠳᠠᠭᠠᠨ ᠮᠣᠬᠤᠵᠤ᠂ ᠶᠠᠭᠠᠬᠢᠵᠤ ᠡᠬᠡᠨᠡᠷ ᠬᠡᠦᠬᠡᠳ᠎ᠢᠶᠡᠨ ᠲᠡᠵᠢᠭᠡᠬᠦ ᠪᠤᠢ? ᠶᠠᠭᠠᠬᠢᠵᠤ ᠦᠯᠦᠰᠬᠦ ᠦᠭᠡᠢ ᠪᠠᠢᠬᠤ ᠪᠤᠢ? ᠭᠡᠳᠡᠭ ᠲᠦᠮᠡᠨ ᠰᠢᠵᠢᠮ᠎ᠢᠶᠡᠷ ᠤᠯᠠᠮ ᠪᠦᠷ ᠨᠢᠭ᠍ᠲᠠ ᠬᠦᠯᠢᠭᠳᠡᠵᠦ ᠪᠠᠢᠯ᠎ᠠ᠃
     ᠡᠳᠦᠷ ᠦᠩᠭᠡᠷᠡᠬᠦ ᠲᠤᠲᠤᠮ ᠡᠷᠳᠡᠨᠢ ᠳᠣᠯᠭᠠᠷ ᠬᠤᠶᠠᠷ᠎ᠤᠨ ᠠᠵᠢᠯ᠎ᠳᠤ ᠴᠢᠳᠠᠮᠠᠭᠠᠢ᠎ᠶᠢ ᠬᠠᠷᠠᠵᠤ᠂ ᠬᠣᠶᠠᠷ ᠰᠠᠢᠨ ᠵᠠᠷᠤᠴᠠ ᠲᠠᠢ ᠪᠤᠯᠤᠭᠰᠠᠨ᠎ᠳᠠᠭᠠᠨ ᠪᠠᠶᠠᠷᠯᠠᠭᠰᠠᠨ ᠢᠳᠡᠭᠡᠯᠲᠥ᠍ ᠬᠦᠦ᠎ᠪᠡᠨ ᠪᠠᠲᠤ ᠲᠠᠢ ᠲᠤᠳᠤᠨᠤ ᠨᠦᠬᠦᠷᠯᠡᠬᠦᠯᠵᠦ᠂ ᠣᠯᠵᠤ ᠠᠪᠤᠭᠰᠠᠨ ᠠᠯᠲᠠ᠎ᠪᠠᠨ ᠠᠯᠳᠠᠬᠤ ᠦᠭᠡᠢ᠎ᠶᠢ ᠬᠢᠴᠢᠶᠡᠪᠡ᠃
     ᠡᠷᠳᠡᠨᠢ ᠳᠣᠯᠭᠠᠷ ᠬᠣᠶᠠᠷ ᠴᠤ᠌ ᠬᠠᠷᠢ ᠨᠤᠲᠤᠭ᠎ᠲᠤ ᠶᠠᠳᠠᠷᠠᠵᠤ ᠪᠠᠢᠬᠤ ᠳ᠋ᠤᠨᠢ ᠴᠢᠷᠠᠢ ᠦᠭᠴᠦ ᠭᠠᠷ ᠰᠤᠩᠭᠠᠨ ᠲᠤᠰᠠᠯᠠᠭᠰᠠᠨ ᠢᠳᠡᠭᠡᠯᠲᠥ᠍᠎ᠳᠦ ᠪᠠᠶᠠᠷᠯᠠᠵᠤ ᠬᠢ ᠭᠡᠰᠡᠨ᠎ᠢ ᠨᠢ ᠪᠢᠳᠡᠬᠡᠢ ᠬᠡᠯᠡ᠂ ᠬᠡᠯᠡᠭᠡ ᠦᠭᠡᠢ ᠠᠵᠢᠯ᠎ᠢ ᠨᠢ ᠴᠤ᠌ ᠬᠢᠴᠢᠶᠡᠨ ᠪᠥᠲᠦᠭᠡᠵᠦ ᠪᠠᠢᠯ᠎ᠠ᠃
     – ᠡᠷᠳᠡᠨᠢ ᠮᠢᠨᠢ᠂ ᠬᠤᠰᠢᠭᠤ ᠨᠠᠭᠠᠳᠤᠮ᠎ᠠᠴᠠ ᠬᠤᠢᠰᠢ ᠰᠠᠭᠤᠷᠢᠯᠠᠭᠰᠠᠨ ᠮᠠᠯ᠎ᠢᠶᠠᠨ ᠲᠤᠭᠠᠯᠠᠨ᠎ᠠ᠃ ᠴᠢ ᠯᠡ ᠨᠢᠭᠡ ᠲᠤᠰᠠ ᠪᠤᠯᠵᠤ᠂ ᠶᠠᠭᠰᠢᠳᠠᠯ᠎ᠠ ᠳᠠᠩᠰᠠᠯᠠᠵᠤ ᠠᠯᠢ ᠭᠡᠳ ᠢᠳᠡᠭᠡᠯᠲᠥ᠍ ᠠᠪᠳᠠᠷ᠎ᠠ᠎ᠠᠴᠠ᠎ᠪᠠᠨ ᠥᠩᠭᠡᠷᠡᠭᠰᠡᠨ ᠵᠢᠯ ᠦᠪᠡᠷ᠎ᠤᠨ ᠬᠢᠭᠰᠡᠨ ᠳᠠᠩᠰᠠ᠎ᠪᠠᠨ ᠭᠠᠷᠭᠠᠵᠤ << ᠡᠪᠦᠭᠡᠨ ᠮᠢᠨᠢ᠂ ᠴᠢᠮ᠎ᠠ ᠰᠢᠭ᠋ ᠡᠷᠳᠡᠮ ᠲᠠᠢ ᠬᠦᠮᠦᠨ ᠬᠠᠷᠠᠪᠠᠯ ᠡᠯᠢᠭᠡ ᠬᠦᠰᠢᠬᠦ ᠡᠳ᠋ ᠳᠠ᠃ ᠪᠠᠰᠠ ᠲᠡᠭᠡᠭᠡᠳ ᠨᠠᠳᠠ᠎ᠠᠴᠠ ᠥᠭᠡᠷ᠎ᠡ ᠬᠡᠨ ᠴᠤ᠌ ᠣᠩᠰᠢᠵᠤ ᠴᠢᠳᠠᠬᠤ ᠦᠭᠡᠢ᠃ ᠬᠤᠶᠠᠭᠤᠯᠠ ᠬᠡᠳᠦ ᠬᠤᠨᠤᠭ ᠰᠠᠭᠤᠵᠤ ᠴᠢᠮ᠎ᠠ᠎ᠳᠤ ᠤᠴᠢᠷ᠎ᠢ ᠨᠢ ᠤᠯᠵᠤ ᠦᠭᠭᠦᠶ᠎ᠡ >> ᠭᠡᠵᠦ ᠨᠢᠭᠡ ᠡᠳᠦᠷ ᠬᠡᠯᠡᠵᠠᠢ᠃
     ᠢᠳᠡᠭᠡᠯᠲᠥ᠍ ᠪᠤᠯ ᠦᠨᠡᠨ᠎ᠳᠡᠭᠡᠨ ᠬᠡᠷᠰᠡᠦ ᠬᠦᠮᠦᠨ ᠪᠠᠢᠵᠤ ᠪᠢᠯᠡ᠃ ᠥᠪᠡᠷ ᠲᠤᠨᠢ ᠲᠤᠰᠠ ᠪᠤᠯᠵᠣ᠌᠂ ᠠᠵᠢᠯ ᠳ᠋ᠤᠨᠢ ᠬᠡᠷᠡᠭ ᠲᠠᠢ ᠬᠦᠮᠦᠨ᠎ᠳᠦ ᠲᠡᠵᠢᠭᠡᠮᠡᠯ ᠪᠢᠷᠠᠭᠤ ᠰᠢᠭ᠋᠂ ᠬᠦᠰᠡᠯ᠎ᠢᠶᠡᠨ ᠪᠡᠶᠡᠯᠡᠭᠦᠯᠬᠦ ᠳ᠋ᠤᠨᠢ ᠰᠠᠭᠠᠳ ᠪᠤᠯᠤᠭᠰᠠᠨ ᠬᠦᠮᠦᠨ᠎ᠳᠦ ᠬᠤᠤᠷᠲᠤ ᠮᠤᠭᠠᠢ ᠰᠢᠭ᠋᠂ ᠠᠵᠢᠯ ᠬᠢᠪᠡᠯ ᠡᠨᠡ ᠭᠡᠷ᠎ᠦᠨ ᠬᠠᠮᠤᠭ᠎ᠤᠨ ᠦᠨᠡᠨᠴᠢ ᠵᠠᠷᠤᠴᠠ ᠶᠤᠮ᠃
     ᠢᠳᠡᠭᠡᠯᠲᠥ᠍᠎ᠳᠦ ᠬᠠᠮᠤᠭ᠎ᠤᠨ ᠬᠠᠢᠷ᠎ᠠ ᠲᠠᠢ᠂ ᠬᠠᠮᠤᠭ᠎ᠤᠨ ᠲᠣᠳᠣᠨᠤ ᠶᠠᠭᠤᠮ᠎ᠠ ᠭᠡᠪᠡᠯ ᠥᠪᠡᠷ᠎ᠦᠨ ᠬᠢᠨᠢ ᠬᠦᠰᠡᠯ ᠡᠷᠡᠮᠡᠯᠵᠡᠯᠡᠯ ᠪᠦᠭᠡᠳ ᠡᠭᠦᠨ᠎ᠢᠶᠡᠨ ᠬᠠᠩᠭᠠᠬᠤ᠎ᠳᠤ ᠬᠡᠷᠡᠭ ᠲᠠᠢ ᠪᠦᠬᠦᠨ᠎ᠢ ᠶᠠᠭᠤᠨ᠎ᠠᠴᠠ ᠴᠤ᠌ ᠪᠤᠴᠠᠬᠤ ᠦᠭᠡᠢ ᠬᠢᠳᠡᠭ ᠪᠠᠢᠯ᠎ᠠ᠃ ᠭᠡᠷᠡᠭ ᠲᠠᠢ ᠦᠶ᠎ᠡ᠎ᠳᠦ ᠶᠠᠭᠤ᠎ᠪᠠᠨ ᠴᠤ᠌ ᠥᠭᠬᠦ᠎ᠡᠴᠡ ᠪᠤᠴᠠᠬᠤ ᠦᠭᠡᠢ ᠦᠭᠯᠢᠭᠡᠴᠢ᠂ ᠬᠡᠷᠡᠭ ᠦᠭᠡᠢ ᠪᠤᠯ ᠰᠡᠲᠡᠷᠬᠡᠢ ᠵᠡᠭᠦᠦ ᠴᠤ᠌ ᠬᠦᠮᠦᠨ᠎ᠳᠦ ᠦᠭᠬᠦ ᠦᠭᠡᠢ ᠴᠡᠪᠳᠡᠭ ᠰᠡᠳᠬᠢᠯ ᠲᠠᠢ ᠠᠵᠢ᠃
     ᠡᠷᠳᠡᠨᠢ ᠦᠯᠡᠮᠵᠢ ᠬᠡᠷᠡᠭ ᠲᠠᠢ ᠬᠦᠮᠦᠨ ᠪᠣᠯᠬᠣᠷ ᠢᠳᠡᠭᠡᠯᠲᠥ᠍ ᠲᠡᠭᠦᠨ᠎ᠳᠦ ᠲᠡᠵᠢᠭᠡᠪᠦᠷᠢ ᠪᠢᠷᠠᠭᠤ ᠰᠢᠭ᠋ ᠨᠤᠮᠤᠬᠠᠨ ᠪᠠᠢᠪᠠ᠃ ᠡᠷᠳᠡᠨᠢ ᠪᠤᠯ ᠤᠬᠠᠭᠠᠨ ᠲᠠᠢ ᠴᠢᠳᠠᠯ ᠲᠠᠢ᠃ ᠭᠡᠬᠦ᠎ᠳᠡᠭᠡᠨ ᠠᠮᠠᠷᠬᠠᠨ ᠢᠳᠡᠭᠡᠮᠡᠳᠡᠭᠡᠢ ᠰᠢᠳᠤᠷᠭᠤ ᠬᠦᠮᠦᠨ ᠭᠡᠵᠦ ᠪᠤᠳᠤᠭᠰᠠᠨ ᠢᠳᠡᠭᠡᠯᠲᠥ᠍ ᠲᠡᠭᠦᠨ᠎ᠢ ᠥᠪᠡᠷ᠎ᠲᠡᠬᠡᠨ ᠦᠨᠡᠨᠴᠢ ᠪᠠᠢᠯᠭᠠᠬᠤ᠎ᠶᠢᠨ ᠲᠤᠯᠠ ᠬᠥᠨᠳᠦᠳᠬᠡᠨ ᠨᠥᠬᠦᠷᠯᠡᠵᠤ᠂ ᠲᠡᠬᠦᠨ᠎ᠦ ᠳᠡᠭᠡᠷ᠎ᠡ ᠨᠢ ᠪᠢᠰᠢ᠂ ᠳᠡᠷᠭᠡᠲᠡ ᠨᠢ ᠪᠠᠢᠬᠤ᠎ᠶᠢ ᠬᠢᠴᠢᠶᠡᠳᠡᠭ ᠪᠠᠢᠪᠠ᠃
     ᠡᠨᠡ ᠤᠴᠢᠷ᠎ᠠᠴᠠ ᠬᠡᠷᠪᠡ ᠭᠠᠯᠰᠠᠩ᠎ᠢ ᠳᠤᠷᠤᠮᠵᠢᠯᠠᠨ ᠵᠠᠩᠨᠠᠵᠤ᠂ ᠨᠢᠮ᠎ᠠ᠎ᠶᠢ ᠱᠤᠤᠯᠠᠵᠤ ᠶᠦᠭᠡᠵᠤ ᠵᠠᠷᠤᠳᠠᠭ ᠪᠤᠯ ᠡᠷᠳᠡᠨᠢ᠎ᠳᠦ ᠥᠷᠭᠦᠯᠵᠢ ᠭᠦᠳᠦᠳᠬᠡᠭᠰᠡᠨ ᠨᠥᠬᠦᠷᠰᠡᠭ ᠳᠦᠷᠢ ᠦᠵᠡᠭᠦᠯᠵᠦ ᠪᠠᠢᠳᠠᠭ ᠪᠠᠢᠯ᠎ᠠ᠃
     ᠡᠭᠦᠨ᠎ᠡᠴᠡ ᠭᠠᠳᠠᠨ᠎ᠠ ᠢᠳᠡᠭᠡᠯᠲᠥ᠍᠎ᠳᠦ ᠦᠭᠡᠷ᠎ᠡ ᠨᠢᠭᠡᠨ ᠪᠤᠳᠤᠯ ᠪᠠᠢᠪᠠ᠃ ᠬᠠᠳᠠᠭᠤ ᠠᠮᠢᠳᠤᠷᠠᠯ ᠴᠤ᠌ ᠳᠠᠷᠤᠵᠤ ᠴᠢᠳᠠᠭ᠎ᠠ ᠦᠭᠡᠢ ᠦᠵᠡᠰᠭᠦᠯᠡᠩᠲᠦ ᠭᠤᠸ᠎ᠠ ᠳᠣᠯᠭᠠᠷ᠎ᠤᠨ ᠥᠩᠭᠡ ᠵᠢᠪᠬᠤᠯᠠᠩ ᠳᠡᠭᠦᠨ᠎ᠦ ᠲᠠᠴᠢᠶᠠᠩᠭᠤᠢ ᠰᠡᠳᠬᠢᠯ᠎ᠢ ᠨᠢ ᠮᠠᠭᠠᠵᠢᠵᠤ ᠳᠣᠯᠭᠠᠷ᠎ᠢ ᠬᠠᠷᠠᠬᠤ ᠪᠦᠬᠦᠨ᠎ᠳᠡᠭᠡᠨ ᠦᠪᠡᠷ᠎ᠦᠨ ᠡᠷᠬᠡ ᠦᠭᠡᠢ ᠢᠨᠢᠶᠡᠮᠰᠦᠭᠯᠡᠵᠦ ᠶᠠᠪᠤᠳᠠᠭ ᠪᠠ ᠠᠵᠢᠯ᠎ᠢᠶᠠᠷ ᠵᠠᠶ᠎ᠠ᠎ᠶᠢᠨ ᠬᠦᠷᠢᠶ᠎ᠡ ᠤᠷᠤᠭᠠᠳ ᠢᠷᠡᠬᠦ᠎ᠳᠡᠭᠡᠨ ᠳᠣᠯᠭᠠᠷ᠂ ᠳᠣᠯᠮ᠎ᠠ᠂ ᠡᠬᠡᠨᠡᠷ ᠳᠣᠯᠵᠢᠨ ᠨᠠᠷ᠎ᠲᠠᠭᠠᠨ ᠭᠠᠷ᠎ᠤᠨ ᠪᠡᠯᠡᠭ ᠠᠪᠴᠢᠷᠠᠵᠤ ᠦᠭᠭᠦᠭᠰᠡᠨ᠎ᠦ ᠬᠠᠮᠤᠭ᠎ᠤᠨ ᠴᠢᠨᠰᠠᠭ᠎ᠠ ᠲᠠᠢ ᠨᠢ ᠳᠣᠯᠭᠠᠷ᠎ᠤᠨ ᠬᠢ ᠪᠠᠢᠪᠠ᠃
     – ᠴᠢ ᠴᠤ᠌ ᠳᠣᠯᠭᠠᠷ᠎ᠲᠤ ᠬᠦᠯ ᠠᠯᠳᠠᠵᠤ ᠪᠠᠢᠬᠤ ᠰᠢᠪ ᠳᠠ᠃ ᠪᠢ ᠴᠤ᠌ ᠶᠠᠭᠠᠬᠢᠬᠤᠪ᠂ ᠳᠠᠷᠤᠯᠠᠭᠳᠠᠵᠤ ᠰᠤᠷᠤᠭᠰᠠᠨ ᠬᠦᠮᠦᠨ᠃ ᠬᠠᠷᠢᠨ ᠳᠤᠯᠮ᠎ᠠ ᠴᠢᠨᠢ ᠬᠠᠷᠠᠳᠠᠵᠤ ᠰᠦᠢᠳ ᠪᠤᠯᠬᠤ ᠪᠠᠢᠬ᠎ᠠ ᠳᠠ ᠭᠡᠵᠤ ᠰᠠᠢᠬᠠᠨ ᠪᠡᠯᠡᠭ ᠠᠪᠤᠭᠰᠠᠨ᠎ᠳᠠᠭᠠᠨ ᠮᠠᠩᠨᠠᠢ ᠳᠦᠭᠦᠷᠡᠩ ᠪᠠᠶᠠᠷᠯᠠᠭᠰᠠᠨ ᠳᠣᠯᠭᠠᠷ᠎ᠢ ᠬᠦᠶᠦᠨ ᠭᠠᠷᠬᠤ᠎ᠳᠤ ᠳᠤᠯᠵᠢᠨ ᠬᠡᠯᠡᠪᠡ᠃
     – ᠴᠢᠮ᠎ᠠ᠎ᠳᠤ ᠫᠠᠳ ᠦᠭᠡᠢ ᠭᠡᠵᠦ ᠢᠳᠡᠭᠡᠯᠲᠥ᠍ ᠬᠦᠢᠳᠡᠨ ᠪᠦᠭᠡᠳ ᠲᠤᠭᠤᠮᠵᠢᠷ ᠦᠭᠡᠢ ᠬᠡᠯᠡᠪᠡ᠃
     – ᠴᠢᠮ᠎ᠠ ᠰᠢᠭ᠋ ᠵᠠᠷᠤᠴᠠ ᠨᠠᠷ ᠲᠠᠢ᠎ᠪᠡᠨ ᠡᠬᠡᠨᠡᠷ᠎ᠢ ᠨᠢ ᠬᠤᠪᠢᠶᠠᠳᠠᠭ ᠰᠢᠪᠰᠢᠭ᠍ᠲᠠᠢ ᠠᠮᠢᠲᠠᠨ ᠪᠠᠢᠬᠤ ᠦᠭᠡᠢ ᠳ᠋ᠠᠭ ᠰᠢᠦ᠃
     – ᠡᠷᠳᠡᠨᠢ ᠪᠤᠯ ᠭᠠᠯᠰᠠᠩ ᠴᠢᠨᠢ ᠪᠢᠰᠢ ᠪᠤᠯᠬᠤᠷ᠁
    – ᠬᠢᠴᠢᠢ ᠮᠢᠨᠢ ᠳᠠᠭᠤ ᠦᠭᠡᠢ ᠪᠠᠢ᠃ ᠳᠦᠷᠬᠦᠮ᠎ᠳᠦ ᠴᠢᠨᠢ ᠵᠠᠯᠠᠵᠤ ᠤᠷᠬᠢᠨ᠎ᠠ ᠰᠢᠤ ᠭᠡᠳ ᠢᠳᠡᠭᠡᠯᠲᠥ᠍ ᠭᠢᠯᠥᠢᠨ ᠰᠢᠷᠪᠢᠬᠦ᠎ᠳᠦ ᠳᠣᠯᠵᠢᠨ ᠲᠠᠭᠤ ᠦᠭᠡᠢ ᠪᠤᠯᠵᠤ᠂ ᠮᠢᠬ᠎ᠠ ᠠᠮᠲᠠᠷᠬᠠᠨ ᠢᠳᠡᠵᠦ ᠪᠠᠢᠭ᠎ᠠ ᠲᠣᠮᠣ᠌ ᠨᠤᠬᠠᠢ᠎ᠶᠢᠨ ᠳᠡᠷᠭᠡᠲᠡ ᠰᠢᠯᠤᠰᠤ᠎ᠪᠠᠨ ᠵᠠᠯᠭᠢᠨ ᠵᠤᠭᠰᠤᠵᠤ ᠪᠠᠢᠭ᠎ᠠ ᠭᠦᠯᠦᠭᠡ ᠨᠤᠬᠠᠢ᠎ᠶᠢᠨ ᠠᠷᠴᠠᠭ᠎ᠠ ᠦᠭᠡᠢ ᠪᠦᠭᠡᠳ ᠠᠳᠠᠭᠠᠷᠬᠠᠭᠰᠠᠨ ᠨᠢᠳᠦ᠎ᠪᠡᠷ ᠰᠢᠷᠲᠡᠵᠤ ᠪᠠᠢᠭ᠍ᠰᠠᠨ᠎ᠢᠶᠠᠨ ᠤᠷᠲᠤ ᠭᠡᠭᠴᠢ ᠨᠢ ᠰᠠᠨᠠᠭ᠎ᠠ ᠠᠯᠳᠠᠪᠠ᠃
     ᠲᠡᠮᠡᠭᠡᠴᠢᠨ ᠬᠦᠮᠦᠨ ᠪᠤᠤᠷ᠎ᠠ᠎ᠶᠢᠨ᠎ᠢᠶᠡᠨ ᠵᠠᠩ᠎ᠢ ᠠᠨᠳᠤᠬᠤ ᠦᠭᠡᠢ ᠭᠡᠭᠴᠢ᠎ᠪᠡᠷ ᠳᠣᠯᠵᠢᠨ ᠨᠥᠬᠦᠷ᠎ᠦᠨ᠎ᠢᠶᠡᠨ ᠵᠠᠪᠠᠬᠠᠢ᠎ᠶᠢ ᠰᠠᠢᠨ ᠮᠡᠳᠡᠳᠡᠭ ᠪᠤᠯᠪᠠᠴᠤ ᠶᠠᠭᠠᠬᠢᠵᠤ ᠴᠤ᠌ ᠴᠢᠳᠠᠳᠠᠭ ᠦᠭᠡᠢ᠃ ᠬᠠᠷᠠᠳᠠᠬᠤ ᠰᠡᠳᠬᠢᠯ ᠨᠢ ᠣᠪᠤᠯᠵᠠᠭᠰᠠᠨ ᠦᠶ᠎ᠡ᠎ᠳᠡᠭᠡᠨ ᠭᠠᠭᠴᠠ ᠨᠢᠭᠡ ᠰᠢᠷᠦᠭᠦᠨ ᠦᠭᠡ ᠬᠡᠯᠡᠴᠢᠭᠡᠳᠡᠭ ᠪᠤᠯᠪᠠᠴᠦ ᠢᠳᠡᠭᠡᠯᠲᠥ᠍᠎ᠶᠢ ᠠᠭᠤᠷᠯᠠᠮᠠᠭᠴᠠ ᠲᠠᠭᠤ ᠦᠭᠡᠢ ᠪᠤᠯᠳᠠᠭ ᠪᠠ ᠢᠯᠠᠩᠭᠤᠶ᠎ᠠ << ᠳᠦᠷᠬᠦᠮ᠎ᠳᠦ ᠴᠢᠨᠢ ᠬᠦᠷᠭᠡᠵᠦ ᠥᠭᠭᠦᠨ᠎ᠡ >> ᠭᠡᠬᠦ᠎ᠳᠦ ᠬᠦᠮᠦᠰᠬᠡ ᠨᠢ ᠪᠠᠭᠤᠵᠤ ᠠᠷᠭᠠᠳᠠᠨ ᠡᠬᠢᠯᠡᠳᠡᠭ᠃
     ᠢᠩᠬᠢᠭᠡᠳ ᠡᠳᠦᠷ ᠥᠩᠭᠡᠷᠡᠬᠦ ᠲᠤᠲᠤᠮ ᠨᠥᠬᠦᠷ᠎ᠡᠴᠡ᠎ᠪᠡᠨ ᠠᠶᠤᠬᠤ ᠨᠢ ᠶᠡᠬᠡ ᠪᠤᠯᠵᠤ᠂ ᠳᠠᠯᠠᠢᠭ᠍ᠰᠠᠨ ᠭᠠᠵᠠᠷ ᠨᠢ ᠳᠠᠯᠳᠠ ᠤᠷᠤᠵᠤ᠂ ᠳᠠᠯᠠᠯᠤᠭᠰᠠᠨ ᠭᠠᠵᠠᠷ ᠨᠢ ᠢᠯᠡ ᠭᠠᠷᠴᠦ ᠪᠠᠢᠳᠠᠭ ᠪᠠ ᠪᠠᠰᠠ ᠲᠠᠢᠯᠪᠦᠷᠢᠯᠠᠵᠤ ᠪᠤᠯᠤᠰᠢ ᠦᠭᠡᠢ ᠬᠠᠢᠷ᠎ᠠ ᠰᠡᠳᠬᠢᠯ᠎ᠢᠶᠡᠷ ᠢᠳᠡᠭᠡᠯᠲᠥ᠍᠎ᠶᠢᠨ ᠬᠢᠭᠰᠡᠨ᠎ᠢ ᠴᠠᠭᠠᠳᠬᠠᠵᠤ᠂ ᠠᠮᠢᠳᠤᠷᠠᠯ ᠲᠠᠪᠤᠨ ᠬᠤᠷᠤᠭᠤ ᠲᠡᠭᠰᠢ ᠪᠢᠰᠢ ᠭᠡᠵᠦ ᠰᠡᠳᠬᠢᠯ᠎ᠢᠶᠡᠨ ᠵᠠᠰᠠᠵᠤ ᠶᠠᠪᠤᠳᠠᠭ ᠪᠤᠯᠵᠠᠢ᠃
     ᠡᠳ᠋ᠯᠡᠨ᠎ᠡ ᠭᠡᠬᠦ᠎ᠳᠦ ᠬᠠᠭᠤᠴᠢᠨ᠂ ᠬᠠᠶᠠᠨ᠎ᠠ ᠬᠡᠬᠦ᠎ᠳᠦ ᠶᠠᠮᠠᠷ ᠨᠢᠭᠡᠨ ᠳᠤᠷᠠᠰᠬᠠᠯ ᠪᠤᠶᠤ ᠰᠦᠰᠦᠭ ᠪᠢᠰᠢᠷᠡᠯ ᠲᠠᠢ ᠬᠤᠯᠪᠤᠭ᠎ᠠ ᠲᠠᠢ ᠶᠠᠭᠤᠮ᠎ᠠ ᠵᠠᠷᠢᠮ ᠬᠦᠮᠦᠨ᠎ᠳᠦ ᠪᠠᠢᠳᠠᠭ᠃ ᠲᠡᠷᠡ ᠬᠦᠮᠦᠨ ᠤᠤᠯ ᠵᠦᠢᠯ᠎ᠳᠦ ᠣᠨᠴᠠ᠎ᠶᠢᠨ ᠬᠠᠢᠷ᠎ᠠ ᠲᠠᠢ ᠪᠢᠰᠢ ᠤᠴᠢᠷ᠎ᠠᠴᠠ ᠠᠪᠳᠠᠷ᠎ᠠ᠎ᠶᠢᠨ ᠠᠯᠢ ᠨᠢᠭᠡᠨ ᠪᠤᠯᠤᠩ᠎ᠳᠤ ᠬᠠᠶᠠᠭᠠᠳ ᠮᠠᠷᠲᠠᠵᠤ ᠤᠷᠬᠢᠳᠠᠭ ᠪᠦᠭᠡᠳ ᠵᠠᠷᠢᠮ᠎ᠳᠠᠭᠠᠨ ᠨᠢᠳᠦᠨ ᠳ᠋ᠤᠨᠢ ᠲᠤᠰᠬᠤ᠎ᠳᠤ ᠬᠠᠶᠠᠬᠤ ᠦᠭᠡᠢ ᠬᠠᠳᠠᠭᠠᠯᠠᠵᠤ ᠪᠠᠢᠭ᠎ᠠ ᠤᠴᠢᠷ ᠶᠠᠪᠤᠳᠠᠯ ᠨᠢ ᠰᠠᠨᠠᠭᠳᠠᠳᠠᠭ᠃ ᠢᠳᠡᠭᠡᠯᠲᠦ᠎ᠶᠢᠨ ᠬᠤᠪᠢ᠎ᠳᠤ ᠳᠣᠯᠵᠢᠨ ᠴᠤᠬᠤᠮ ᠢᠩᠬᠢᠵᠦ ᠬᠡᠷᠡᠭᠯᠡᠵᠦ ᠪᠤᠯᠳᠠᠭ ᠦᠭᠡᠢ᠂ ᠬᠠᠶᠠᠵᠤ ᠪᠤᠯᠳᠠᠭ ᠦᠭᠡᠢ ᠬᠠᠭᠤᠴᠢᠨ ᠡᠳ᠋ ᠪᠠᠢᠯ᠎ᠠ᠃
     – ᠡᠪᠦᠭᠡᠨ ᠮᠢᠨᠢ ᠬᠤᠭᠤᠰᠯᠠ᠎ᠪᠠᠨ ᠢᠳᠡᠬᠦ ᠤᠤ? ᠭᠡᠵᠤ ᠳᠣᠯᠵᠢᠨ ᠨᠠᠮ ᠪᠦᠭᠡᠳ ᠴᠢᠷᠠᠢᠴᠢᠯᠠᠭᠰᠠᠨ ᠳᠠᠭᠣ᠌᠎ᠪᠠᠷ ᠠᠰᠠᠭᠤᠬᠤ᠎ᠳᠦ ᠨᠥᠬᠦᠷ ᠨᠢ ᠶᠡᠬᠡᠮᠰᠦᠭ ᠰᠢᠷᠦᠭᠦᠨ ᠳᠠᠭᠤ᠎ᠪᠠᠷ << ᠠᠪᠤᠭᠠᠳ ᠢᠷ᠎ᠡ!>> ᠭᠡᠵᠦ ᠬᠦᠮᠦᠰᠭᠡ ᠵᠠᠩᠬᠢᠳᠦᠨ ᠬᠡᠯᠡᠭᠡᠳ ᠬᠢᠳᠤᠭ᠎ᠠ᠎ᠪᠠᠨ ᠠᠪᠴᠤ ᠵᠠᠪᠢᠯᠠᠨ ᠰᠠᠭᠤᠪᠠ᠃

返回顶部