返回

  ᠲᠤᠩᠭᠠᠯᠠᠭ ᠲᠠᠮᠢᠷ
– ᠴ᠂ ᠯᠤᠳᠤᠢᠳᠠᠮᠪᠠ
 

      ᠨᠢᠭᠡ — ᠳᠥᠷᠪᠡ

     ᠰᠦᠨᠢ᠎ᠶᠢᠨ ᠬᠠᠷᠠᠩᠭᠤᠢ᠎ᠳᠤ ᠲᠠᠮᠢᠷ᠎ᠤᠨ ᠭᠤᠤᠯ᠎ᠤᠨ ᠭᠥᠨᠳᠡᠢ᠎ᠶᠢ ᠥᠭᠰᠦᠵᠦ ᠨᠢᠷᠤᠭᠤ᠎ᠪᠠᠨ ᠡᠭᠦᠷᠦᠭᠰᠡᠨ ᠶᠠᠪᠠᠭᠠᠨ ᠬᠦᠮᠦᠨ ᠠᠯᠬᠤᠯᠠᠨ᠎ᠠ᠃ ᠫᠠᠳ ᠬᠠᠷᠠᠩᠭᠤᠢ ᠰᠦᠨᠢ ᠲᠡᠭᠷᠢ᠎ᠳᠦ ᠣᠳᠣ᠌ ᠭᠢᠯᠠᠯᠵᠠᠪᠠᠴᠦ ᠭᠤᠲᠤᠯ᠎ᠤᠨ ᠦᠵᠦᠭᠦᠷ ᠴᠤ᠌ ᠬᠠᠷᠠᠭᠳᠠᠬᠤ ᠦᠭᠡᠢ ᠠᠵᠠᠢ᠃ ᠬᠥᠨᠳᠡᠢ ᠳᠠᠭᠠᠵᠤ ᠰᠦᠨᠢ᠎ᠶᠢᠨ ᠰᠡᠷᠢᠭᠦᠨ ᠰᠠᠯᠬᠢ ᠪᠥᠬᠥᠨ᠎ᠢ ᠠᠷᠢᠭᠤᠬᠠᠨ ᠦᠯᠢᠶᠡᠨ᠎ᠡ᠃
     ᠲᠡᠷᠡ ᠬᠦᠮᠦᠨ ᠬᠡᠰᠡᠭ ᠶᠠᠪᠤᠭᠠᠳ ᠵᠣᠭᠰᠤᠵᠤ᠂ ᠵᠦᠭ ᠪᠦᠷᠢ ᠴᠢᠬᠢ ᠲᠠᠯᠪᠢᠨ ᠴᠢᠩᠨᠠᠵᠤ ᠪᠠᠢᠭ᠍ᠰᠠᠨ᠎ᠢᠶᠠᠨ ᠬᠠᠷᠠᠩᠭᠤᠢ᠎ᠶᠢᠨ ᠳᠤᠮᠳᠠ ᠱᠤᠤᠭᠢᠨ ᠣᠷᠣᠰᠴᠦ ᠪᠠᠢᠭ᠎ᠠ ᠭᠣᠣᠯ᠎ᠤᠨ ᠡᠷᠭᠢ ᠳᠡᠭᠡᠷ᠎ᠡ ᠤᠴᠢᠵᠤ ᠲᠦᠷᠦᠭᠦᠦ ᠤᠷᠤᠭ᠍ᠰᠢ᠎ᠪᠡᠨ ᠬᠠᠷᠠᠨ ᠬᠡᠪᠲᠡᠭᠡᠳ ᠭᠦᠳ ᠭᠦᠳ ᠭᠡᠳᠡᠯ᠎ᠡ ᠪᠠᠬᠠᠨ ᠤᠰᠤ ᠵᠠᠯᠭᠢᠯᠠᠪᠠ᠃ ᠳᠠᠷᠠᠭ᠎ᠠ ᠨᠢ ᠨᠢᠭᠤᠷ ᠭᠠᠷ᠎ᠢᠶᠠᠨ ᠤᠬᠢᠶᠠᠵᠤ ᠡᠮᠦᠰᠦᠭᠰᠡᠨ ᠴᠤᠪᠠ᠎ᠶᠢᠨ ᠬᠣᠷᠮᠣᠢ᠎ᠪᠠᠷ ᠠᠷᠴᠢᠪᠠ᠃ ᠡᠨᠡ ᠪᠤᠯ ᠲᠡᠮᠦᠷ ᠪᠠᠢᠵᠠᠢ᠃ ᠤᠰᠤ ᠤᠤᠭᠤᠭᠠᠳ ᠪᠤᠰᠴᠤ ᠬᠡᠳᠦ ᠳᠠᠬᠢᠨ ᠠᠯᠳᠠᠯᠠᠨ ᠰᠤᠨᠢᠶᠠᠭᠠᠳ᠂ ᠲᠦᠮᠡᠨ ᠵᠦᠢᠯ᠎ᠦᠨ ᠦᠨᠦᠷ ᠬᠠᠩᠬᠤᠯᠤᠭᠰᠠᠨ ᠬᠦᠨᠳᠡᠢ᠎ᠶᠢᠨ ᠰᠠᠯᠬᠢ ᠵᠠᠯᠭᠢᠨ ᠴᠡᠭᠡᠵᠢ ᠳᠦᠭᠦᠷᠡᠩ ᠠᠮᠢᠰᠬᠤᠵᠤ 《 ᠣᠷᠣᠬᠣ᠌ ᠨᠢᠭᠡᠨ ᠡᠳᠦᠷ ᠪᠠᠢᠬᠤ᠎ᠳᠤ᠂ ᠣᠷᠭᠣᠬᠤ ᠨᠢᠭᠡᠨ ᠡᠳᠦᠷ ᠪᠤᠢ 》 ᠭᠡᠵᠦ ᠵᠦᠭᠡᠯᠡᠨ ᠬᠤᠭᠤᠯᠠᠢ᠎ᠪᠠᠷ ᠠᠶᠠᠯᠤᠭᠠᠳ ᠬᠡᠰᠡᠭ ᠶᠠᠪᠤᠭᠰᠠᠨ᠎ᠢᠶᠠᠨ ᠵᠤᠭᠰᠤᠵᠤ ᠨᠤᠭᠤᠭᠠᠨ ᠵᠦᠯᠭᠡᠨ ᠳᠡᠭᠡᠷ᠎ᠡ ᠬᠡᠪᠲᠡᠵᠤ ᠲᠠᠯ᠎ᠠ ᠪᠥᠬᠦᠨ ᠠᠵᠢᠭ᠍ᠯᠠᠨ ᠴᠢᠩᠨᠠᠭᠰᠠᠨ᠎ᠢᠶᠠᠨ ᠶᠠᠮᠠᠷ ᠨᠢᠭᠡᠨ ᠴᠢᠮᠡᠭᠡ ᠰᠤᠨᠤᠰᠤᠭᠰᠠᠨ ᠪᠤᠯᠤᠯᠲᠠᠢ ᠲᠥᠷᠭᠡᠨ ᠲᠥᠷᠭᠡᠨ ᠠᠯᠬᠤᠯᠠᠪᠠ᠃ ᠢᠩᠬᠢᠭᠡᠳ ᠤᠳᠠᠯ ᠦᠭᠡᠢ ᠡᠷᠳᠡᠨᠢ᠎ᠶᠢᠨ ᠠᠷᠭᠠᠮᠵᠢᠶ᠎ᠠ ᠲᠠᠢ ᠮᠣᠷᠢᠨ᠎ᠤ ᠳᠡᠷᠭᠡᠲᠡ ᠤᠴᠢᠪᠠ᠃
     《 ᠶᠠᠳᠠᠷᠠᠭᠰᠠᠨ ᠬᠦᠮᠦᠨ᠎ᠦ ᠭᠠᠭᠴᠠ ᠤᠨᠤᠭ᠎ᠠ ᠪᠤᠯᠪᠠ ᠦᠦ᠁》 ᠭᠡᠵᠦ ᠪᠤᠳᠤᠭᠠᠳ ᠬᠡᠰᠡᠭ ᠵᠤᠭᠰᠤᠪᠠ᠃ ᠭᠡᠲᠡᠯ᠎ᠡ ᠡᠨᠡ ᠪᠤᠳᠤᠯ᠎ᠤᠨ ᠬᠠᠵᠠᠭᠤ᠎ᠪᠠᠷ ᠪᠠᠳᠠᠷᠴᠢ ᠲᠠᠬᠠᠷ᠎ᠤᠨ ᠴᠢᠷᠠᠢ᠂ ᠵᠢᠯ ᠭᠠᠷᠤᠢ ᠰᠢᠷᠢ ᠲᠠᠢ ᠬᠡᠪᠲᠡᠭᠰᠡᠨ ᠵᠤᠪᠠᠭᠤᠷᠢᠲᠤ ᠬᠠᠲᠠᠭᠤ ᠠᠮᠢᠳᠤᠷᠠᠯ ᠰᠡᠳᠬᠢᠯ ᠳ᠋ᠤᠨᠢ ᠤᠷᠤᠵᠤ᠂ ᠲᠠᠬᠢᠭᠠᠳ ᠲᠡᠭᠦᠨ᠎ᠦ ᠭᠠᠷ᠎ᠲᠤ ᠣᠷᠣᠪᠠᠯ ᠠᠮᠢᠳᠤ ᠭᠠᠷᠬᠤ ᠦᠭᠡᠢ ᠰᠢᠦ ᠳᠠ ᠭᠡᠵᠦ ᠪᠤᠳᠤᠭᠳᠠᠪᠠ᠃
     ᠠᠪᠬᠤ᠂ ᠠᠪᠬᠤ ᠦᠭᠡᠢ ᠭᠡᠰᠡᠨ ᠠᠴᠠ ᠰᠡᠳᠬᠢᠯ᠎ᠳᠦ ᠳᠠᠷᠤᠭᠳᠠᠨ ᠶᠠᠮᠠᠷ ᠴᠤ᠌ ᠰᠢᠢᠳᠪᠦᠷᠢ ᠦᠭᠡᠢ ᠬᠡᠰᠡᠭ ᠵᠤᠭᠰᠤᠪᠠ᠃ 《 ᠵᠠ ᠭᠠᠢᠭᠤᠢ᠂ ᠡᠷ᠎ᠡ ᠬᠦᠮᠦᠨ᠎ᠦ ᠵᠠᠮ᠎ᠤᠨ ᠬᠦᠵᠦᠭᠦᠦ ᠤᠷᠲᠤ᠂ ᠵᠠᠭᠠᠨ᠎ᠤ ᠭᠦᠵᠦᠭᠦᠦ ᠪᠤᠭᠤᠨᠢ 》 ᠭᠡᠵᠦ ᠰᠢᠪᠡᠨᠡᠭᠡᠳ ᠮᠣᠷᠢ᠎ᠶᠢ ᠰᠢᠭᠤᠳᠮᠠᠬᠠᠢ ᠬᠠᠵᠠᠭᠠᠷᠯᠠᠨ ᠠᠪᠴᠤ ᠮᠠᠢᠬᠠᠨ᠎ᠡᠴᠡ ᠨᠡᠯᠢᠶᠡᠳ ᠬᠤᠯᠠᠳᠤᠭᠠᠳ ᠮᠣᠷᠳᠠᠵᠤ ᠲᠠᠮᠢᠷ᠎ᠤᠨ ᠭᠤᠤᠯ᠎ᠢ ᠭᠠᠲᠤᠯᠤᠨ ᠲᠠᠪᠬᠢᠯ᠎ᠠ᠃
     ᠢᠩᠬᠢᠵᠦ ᠳᠡᠭᠦᠦ ᠨᠢ ᠠᠬ᠎ᠠ᠎ᠶᠢᠨ᠎ᠢᠶᠡᠨ ᠭᠠᠭᠴᠠ ᠮᠣᠷᠢ᠎ᠶᠢ ᠠᠪᠴᠤ ᠬᠦᠮᠦᠨ᠎ᠦ ᠨᠤᠲᠤᠭ ᠭᠦᠩ᠎ᠦᠨ ᠭᠠᠵᠠᠷ ᠭᠠᠬᠠᠢ ᠶᠠᠪᠠᠭᠠᠨ ᠪᠤᠯᠭᠠᠵᠠᠢ᠃ ᠲᠡᠮᠦᠷ ᠮᠠᠷᠭᠠᠰᠢ ᠨᠢ ᠡᠳᠦᠷ ᠲᠤᠷᠰᠢ ᠮᠣᠳᠣᠨ᠎ᠳᠤ ᠪᠦᠭᠬᠦᠵᠦ ᠪᠠᠢᠭᠠᠳ ᠰᠦᠨᠢ ᠴᠢᠨᠠᠭ᠍ᠰᠢ ᠭᠦᠳᠡᠯᠵᠤ ᠠᠢᠯ᠎ᠤᠨ ᠭᠠᠳᠠᠨ᠎ᠠ ᠡᠮᠡᠭᠡᠯ ᠲᠠᠢ ᠨᠢ ᠤᠶᠠᠵᠤ ᠬᠤᠨᠤᠭᠰᠠᠨ ᠮᠣᠷᠢ ᠠᠪᠴᠤ ᠬᠣᠣᠰ ᠮᠣᠷᠢ ᠲᠠᠢ ᠪᠤᠯᠤᠭᠠᠳ ᠨᠤᠲᠤᠭ᠎ᠤᠨ ᠵᠦᠭ ᠲᠡᠮᠡᠦᠯᠪᠡ᠃
     ᠤᠤᠯ᠎ᠡᠴᠡ ᠥᠯᠥᠰᠬᠦᠯᠡᠩ ᠪᠠᠢᠭ᠍ᠰᠠᠨ ᠲᠡᠮᠦᠷ ᠣᠷᠭᠣᠭᠰᠠᠨ᠎ᠡᠴᠡ ᠬᠣᠢᠰᠢ ᠬᠣᠩᠭᠣᠷ᠎ᠤᠨ ᠥᠭᠭᠦᠭᠰᠡᠨ ᠲᠣᠰᠣᠨ᠎ᠡᠴᠡ ᠦᠭᠡᠷ᠎ᠡ ᠶᠠᠭᠤᠮ᠎ᠠ ᠢᠳᠡᠭᠡ ᠦᠭᠡᠢ ᠪᠤᠯᠬᠤᠷ ᠳᠤᠲᠤᠷ᠎ᠠ ᠨᠢ ᠪᠠᠢᠨ ᠪᠠᠢᠨ ᠬᠠᠷᠠᠩᠭᠤᠢᠯᠠᠨ᠂ ᠨᠢᠳᠦ ᠨᠢ ᠡᠷᠢᠶᠡᠯᠵᠢᠯᠡᠨ᠎ᠡ᠃
     ᠥᠷᠯᠥᠭᠡ ᠡᠷᠲᠡ ᠨᠢᠭᠡᠨ ᠠᠭᠤᠯᠠ ᠳᠡᠭᠡᠷ᠎ᠡ ᠭᠠᠷᠴᠤ ᠬᠠᠷᠠᠪᠠᠯ ᠲᠡᠷᠡ ᠳᠤᠤᠷ᠎ᠠ ᠠᠮᠠᠨ᠎ᠳᠤ ᠭᠠᠭᠴᠠ ᠪᠤᠷᠦ ᠭᠡᠷ ᠬᠠᠷᠠᠭᠳᠠᠬᠤ ᠳ᠋ᠤᠨᠢ ᠰᠢᠭᠤᠳ ᠣᠴᠢᠪᠠ᠃
     – ᠨᠣᠬᠠᠢ ᠬᠤᠷᠢ ᠡ ᠭᠡᠵᠦ ᠲᠡᠮᠦᠷ ᠪᠦᠳᠦᠭᠦᠨ ᠳᠠᠭᠤ᠎ᠪᠠᠷ ᠬᠡᠯᠡᠬᠦ᠎ᠳᠦ ᠭᠡᠷ᠎ᠠᠴᠠ ᠬᠤᠷᠢ ᠭᠠᠷᠤᠢ ᠨᠠᠰᠤᠨ᠎ᠤ ᠵᠠᠯᠠᠭᠤ ᠭᠡᠵᠢᠭᠡᠲᠦ ᠭᠠᠷᠴᠤ ᠢᠷᠡᠭᠡᠳ ᠨᠠᠷᠢᠨ ᠰᠤᠷ ᠬᠦᠵᠦᠭᠦᠪᠴᠢᠲᠡᠢ ᠪᠦᠳᠦᠭᠦᠨ ᠬᠠᠷ᠎ᠠ ᠨᠤᠬᠠᠢ᠎ᠶᠢ ᠵᠠᠩᠳᠤᠷᠤᠨ ᠪᠠᠷᠢᠪᠠ᠃ ᠭᠡᠷ᠎ᠲᠦ ᠠᠬᠢᠮᠠᠭ ᠨᠠᠰᠤᠨ᠎ᠤ ᠬᠠᠷ᠎ᠠ ᠬᠦᠮᠦᠨ ᠰᠤᠷ ᠡᠯᠳᠡᠵᠦ᠂ ᠵᠠᠭᠦᠨ ᠲᠠᠯ᠎ᠠ᠎ᠶᠢᠨ ᠤᠷᠤᠨ ᠳᠡᠭᠡᠷ᠎ᠡ ᠭᠤᠷᠪᠠ ᠲᠦᠷᠪᠡᠨ ᠨᠠᠰᠤᠲᠠᠢ ᠬᠡᠦᠬᠡᠳ ᠤᠨᠳᠠᠵᠤ ᠪᠠᠢᠯ᠎ᠠ᠃
     – ᠰᠠᠢᠨ ᠪᠠᠢᠨ᠎ᠠ ᠦᠦ?
     – ᠰᠠᠢᠨ᠂ ᠰᠠᠢᠨ ᠪᠠᠢᠨ᠎ᠠ ᠦᠦ?
     – ᠲᠠᠷᠭᠤᠨ ᠲᠠᠪᠠᠲᠠᠢ ᠵᠤᠰᠠᠯᠠᠵᠤ ᠪᠠᠢᠨ᠎ᠠ ᠦᠦ?
     – ᠰᠠᠢᠬᠠᠨ ᠵᠤᠰᠠᠵᠤ ᠪᠠᠢᠨ᠎ᠠ᠃ ᠰᠠᠢᠬᠠᠨ ᠵᠤᠰᠠᠵᠤ ᠪᠠᠢᠨ᠎ᠠ ᠦᠦ?
     ᠲᠡᠮᠦᠷ ᠵᠡᠭᠦᠨ ᠤᠷᠤᠨ᠎ᠤ ᠡᠮᠦᠨ᠎ᠡ ᠰᠠᠭᠤᠵᠤ ᠪᠠᠢᠭ᠎ᠠ ᠬᠠᠷ᠎ᠠ ᠬᠦᠮᠦᠨ ᠲᠠᠢ ᠨᠤᠲᠤᠭ ᠤᠰᠤ᠂ ᠠᠯᠳᠠᠷ ᠨᠡᠷ᠎ᠡ ᠪᠡᠨ ᠠᠰᠠᠭᠤᠯᠴᠠᠪᠠ᠃ ᠦᠪᠡᠷ᠎ᠢ᠎ᠪᠡᠨ ᠳᠠᠰᠢᠲᠤᠤ ᠭᠦᠩ᠎ᠤᠨ ᠬᠣᠰᠢᠭᠤᠨ᠎ᠤ ᠠᠩᠴᠢᠨ ᠵᠢᠷᠭᠠᠯ ᠭᠡᠳᠡᠭ ᠬᠦᠮᠦᠨ᠃ ᠤᠯᠠᠨ ᠬᠤᠨᠤᠭ ᠠᠭᠤᠯᠠ᠎ᠪᠠᠷ ᠠᠩ ᠭᠥᠷᠥᠭᠡ ᠬᠢᠵᠦ ᠶᠠᠪᠤᠭᠠᠳ ᠮᠤᠷᠢᠨ᠎ᠡᠴᠡ᠎ᠪᠡᠨ ᠤᠨᠠᠵᠤ ᠫᠤᠤ ᠵᠡᠪᠰᠡᠭ᠂ ᠬᠤᠭᠤᠯᠠ ᠬᠦᠨᠠᠰᠦᠨ᠎ᠡᠴᠡ᠎ᠪᠡᠨ ᠰᠠᠯᠵᠤ ᠦᠬᠦᠬᠦ᠎ᠶᠢᠨ ᠳᠠᠪᠠᠭᠠᠨ ᠳᠡᠭᠡᠷ᠎ᠡ ᠢᠷᠡᠯ᠎ᠡ ᠭᠡᠵᠤ ᠵᠤᠬᠢᠶᠠᠨ ᠶᠠᠷᠢᠯ᠎ᠠ᠃ ᠭᠡᠪᠡᠴᠦ ᠬᠡᠦᠬᠡᠨ ᠰᠤᠷᠢᠵᠤ ᠦᠵᠡᠬᠦ᠎ᠪᠡᠷ ᠭᠡᠷ᠎ᠠᠴᠠ᠎ᠪᠠᠨ ᠭᠠᠷᠤᠭᠠᠳ ᠪᠤᠴᠠᠨ ᠣᠷᠣᠵᠣ᠌ ᠢᠷᠡᠮᠡᠭᠴᠡ 《 ᠡᠨᠡ ᠬᠤᠢᠨ᠎ᠠ᠎ᠡᠴᠡ ᠬᠡᠳᠦᠨ ᠮᠣᠷᠢ ᠲᠠᠢ ᠬᠦᠮᠦᠨ ᠲᠠᠪᠬᠢᠯᠳᠤᠨ ᠠᠢᠰᠤᠢ 》 ᠭᠡᠳ ᠲᠡᠮᠦᠷ ᠤᠷᠤᠭᠤ ᠬᠠᠷᠠᠯ᠎ᠠ᠃
     ᠬᠡᠦᠬᠡᠨ᠎ᠦ ᠭᠡᠨᠡᠨ ᠨᠢᠳᠦᠨ᠎ᠠᠴᠠ ᠪᠦᠬᠦ ᠰᠠᠨᠠᠭ᠎ᠠ᠎ᠶᠢ ᠨᠢ ᠠᠮᠵᠢᠵᠤ ᠮᠡᠳᠡᠭᠰᠡᠨ ᠲᠡᠮᠦᠷ ᠲᠠᠪᠠᠲᠠᠢ ᠵᠠᠪᠢᠯᠠᠨ ᠰᠠᠭᠤᠬᠤ ᠵᠠᠭᠤᠷ᠎ᠠ 《 ᠶᠠᠪᠤᠭᠤᠯ᠎ᠤᠨ ᠤᠯᠤᠰ ᠪᠠᠢᠯᠭᠦᠢ᠃ ᠰᠤᠬᠤᠷ ᠠᠵᠠ᠎ᠪᠠᠷ ᠨᠤᠲᠤᠭ᠎ᠤᠨ ᠬᠥᠮᠥᠨ ᠲᠠᠢ ᠠᠭᠤᠯᠵᠠᠵᠤ᠂ ᠲᠦᠭᠡᠷᠢᠵᠤ ᠲᠦᠷᠦᠯ᠎ᠳᠡᠭᠡᠨ ᠭᠡᠭᠴᠢ᠎ᠪᠡᠷ ᠭᠢᠯᠠᠢᠬᠤ ᠶᠤᠮ ᠪᠢᠰᠢ ᠪᠠᠢᠭ᠎ᠠ ᠳᠠ 》 ᠭᠡᠳ ᠢᠨᠢᠶᠡᠮᠰᠦᠭᠯᠡᠪᠡ᠃ ᠴᠠᠢ ᠪᠤᠴᠠᠯᠵᠤ ᠬᠡᠤᠬᠡᠨ ᠲᠠᠩᠬᠤ ᠲᠦᠭᠦᠷᠡᠩ ᠴᠠᠢ᠂ ᠬᠦᠷᠡᠩ ᠮᠣᠳᠣᠨ ᠲᠠᠪᠠᠭ ᠤᠪᠤᠭᠠᠯᠠᠩ ᠰᠢᠨ᠎ᠡ ᠠᠭᠠᠷᠤᠤᠯ᠂ ᠥᠷᠥᠮ᠎ᠡ ᠲᠠᠯᠪᠢᠵᠤ ᠦᠭᠪᠡ᠃
     ᠮᠣᠩᠭᠣᠯ ᠶᠠᠪᠤᠭᠤᠯ᠎ᠤᠨ ᠬᠥᠮᠥᠨ᠎ᠳᠦ 《 ᠴᠢᠷᠠᠢ ᠠᠯᠳᠠᠭᠰᠠᠨ ᠭᠠᠵᠠᠷ》 ᠭᠡᠵᠦ ᠬᠣᠰᠢᠭᠣ᠌ ᠨᠤᠲᠤᠭ᠎ᠢᠶᠠᠨ ᠭᠡᠯᠡᠭᠦᠯᠬᠦ ᠦᠭᠡᠢ᠂ ᠬᠠᠷᠢᠨ 《 ᠲᠡᠷᠡ ᠬᠣᠰᠢᠭᠤᠨ᠎ᠤ ᠬᠢᠨ ᠴᠠᠢ ᠲᠠᠢ᠂ ᠴᠢᠷᠠᠢ ᠲᠠᠢ 》 ᠭᠡᠵᠦ ᠮᠠᠭᠤᠳᠠᠭᠤᠯᠵᠤ ᠪᠠᠢᠬᠤ᠎ᠶᠢ ᠬᠢᠴᠢᠶᠡᠳᠡᠭ᠃ ᠡᠨᠡ ᠤᠴᠢᠷ᠎ᠠᠴᠠ ᠢᠷᠡᠭᠰᠡᠨ ᠵᠤᠴᠢᠨ᠎ᠳᠤ ᠪᠠᠢᠭ᠎ᠠ ᠶᠠᠭᠤᠮ᠎ᠠ᠎ᠶᠢᠨ᠎ᠢᠶᠡᠨ ᠤᠯᠢᠭ᠍ᠲᠠᠢ᠎ᠶᠢ ᠪᠠᠷᠢᠵᠤ ᠳᠠᠢᠯᠠᠳᠠᠭ ᠵᠠᠩᠰᠢᠯ ᠲᠠᠢ᠃ ᠵᠤᠴᠢᠨ᠎ᠳᠤ ᠬᠠᠷᠠᠮᠯᠠᠬᠤ ᠰᠢᠭ᠋ ᠰᠢᠪᠰᠢᠭ᠍ᠲᠠᠢ ᠶᠠᠭᠤᠮ᠎ᠠ ᠪᠠᠢᠳᠠᠭ ᠦᠭᠡᠢ ᠪᠤᠯᠬᠤᠷ ᠬᠠᠷᠠᠮᠯᠠᠭᠰᠠᠨ ᠬᠦᠮᠦᠨ᠎ᠢ ᠨᠤᠲᠤᠭ ᠤᠰᠤᠨ᠎ᠤ᠎ᠪᠠᠨ ᠨᠡᠷ᠎ᠡ᠎ᠶᠢ ᠪᠤᠵᠠᠷᠯᠠᠪᠠ ᠭᠡᠵᠦ ᠵᠢᠭ᠌ᠰᠢᠨ ᠬᠤᠴᠢᠯᠠᠳᠠᠭ᠃ ᠭᠡᠷ᠎ᠦᠨ ᠡᠵᠡᠨ ᠨᠡᠷ᠎ᠡ ᠬᠢᠴᠢᠶᠡᠵᠦ᠂ ᠬᠠᠷᠢ ᠬᠣᠰᠢᠭᠤᠨ᠎ᠤ ᠬᠦᠮᠦᠨ᠎ᠳᠦ ᠪᠤᠷᠴᠠ ᠨᠦᠳᠦᠵᠦ ᠬᠤᠭᠤᠯᠠ ᠬᠢᠵᠦ ᠦᠭᠭᠦᠯ᠎ᠡ᠃ ᠲᠡᠮᠦᠷ ᠡᠨᠡ ᠠᠢᠯ᠎ᠳᠤ ᠨᠠᠷᠠ ᠬᠠᠨ᠎ᠠ᠎ᠶᠢᠨ ᠡᠯᠢᠭᠡ ᠦᠩᠭᠡᠷᠡᠳᠡᠯ᠎ᠡ ᠪᠠᠢᠪᠠ᠃ ᠬᠡᠤᠬᠡᠨ᠎ᠢᠶᠠᠷ ᠭᠡᠵᠢᠭᠡ᠎ᠪᠡᠨ ᠰᠠᠮᠨᠠᠭᠤᠯᠵᠤ᠂ ᠰᠠᠬᠠᠯ᠎ᠡᠴᠡ᠎ᠪᠡᠨ ᠰᠠᠯᠤᠯ᠎ᠠ᠃
     ᠬᠠᠷ᠎ᠠ ᠬᠦᠮᠦᠨ᠎ᠦ ᠨᠡᠷ᠎ᠡ ᠥᠯᠵᠡᠢ ᠭᠡᠳᠡᠭ᠃ ᠬᠡᠦᠬᠡᠨ᠎ᠦ ᠨᠡᠷ᠎ᠡ᠎ᠶᠢ ᠴᠠᠨᠳᠠ ᠭᠡᠳᠡᠭ ᠠᠵᠢ᠃ ᠥᠯᠵᠡᠢ᠎ᠶᠢᠨ ᠬᠦᠦ᠂ ᠴᠠᠨᠳᠠ᠎ᠶᠢᠨ ᠨᠥᠬᠥᠷ ᠬᠤᠶᠠᠭ ᠪᠤᠭᠳᠠ ᠬᠠᠭᠠᠨ᠎ᠤ ᠴᠡᠷᠢᠭ᠎ᠲᠦ ᠲᠠᠲᠠᠭᠳᠠᠵᠤ ᠶᠠᠪᠤᠭᠠᠳ ᠰᠤᠷᠠᠭ ᠦᠭᠡᠢ ᠪᠤᠯᠵᠠᠢ᠃ ᠡᠴᠢᠭᠡ᠎ᠠᠴᠠ᠎ᠪᠠᠨ ᠬᠤᠶᠠᠷ ᠨᠠᠰᠤᠲᠠᠢ ᠬᠤᠴᠤᠷᠤᠭᠰᠠᠨ ᠬᠦᠦ ᠭᠦᠷᠡᠯ ᠨᠢ ᠲᠡᠮᠦᠷ᠎ᠢ ᠭᠡᠵᠢᠭᠡ᠎ᠪᠡᠨ ᠰᠠᠮᠨᠠᠭᠤᠯᠵᠤ ᠪᠠᠢᠬᠤ᠎ᠳᠤ ᠡᠨᠳᠡ ᠲᠡᠨᠳᠡ ᠨᠢ ᠭᠠᠷᠴᠤ ᠰᠤᠨᠢᠷᠬᠠᠨ ᠪᠠᠢᠯ᠎ᠠ᠃
     ᠭᠡᠳᠡᠰᠦ ᠭᠠᠷᠴᠤ᠂ ᠬᠦᠴᠦ ᠤᠷᠤᠭᠰᠠᠨ ᠲᠡᠮᠦᠷ ᠶᠠᠪᠤᠬᠤ ᠭᠡᠵᠤ ᠪᠠᠢᠳᠠᠯ᠎ᠠ ᠰᠠᠢᠳ ᠸᠠᠩ᠎ᠤᠨ ᠳᠤᠭᠰᠢᠨ ᠰᠠᠬᠢᠭᠤᠰᠤ ᠭᠡᠵᠦ ᠠᠯᠳᠠᠷᠰᠢᠭ᠍ᠰᠠᠨ ᠫᠦᠷᠪᠦ ᠲᠠᠢᠵᠢ ᠢᠷᠡᠯ᠎ᠡ᠃ ᠦᠯᠵᠡᠢ ᠰᠠᠨᠳᠤᠷᠴᠤ   《 ᠲᠠᠢᠵᠢ ᠠᠬᠠᠢ ᠲᠠᠨ ᠮᠢᠨᠢ ᠮᠢᠨᠤ ᠪᠤᠷᠤ ᠭᠡᠷ᠎ᠢ ᠭᠡᠢᠭᠦᠯᠦᠭᠰᠡᠨ ᠶᠡᠬᠡ ᠵᠠᠪᠰᠢᠶᠠᠨ᠎ᠢ ᠦᠴᠦᠬᠡᠨ ᠪᠤᠭᠤᠯ ᠪᠢᠰᠢᠷᠡᠪᠡᠴᠦ ᠪᠠᠷᠠᠬᠤ ᠦᠭᠡᠢ》 ᠭᠡᠵᠦ ᠤᠯᠪᠤᠭ ᠳᠡᠪᠢᠰᠴᠦ ᠠᠯᠠᠭ᠎ᠠ ᠬᠠᠪᠰᠤᠷᠤᠨ ᠪᠥᠬᠦᠯᠵᠡᠪᠡ᠃
     ᠦᠯᠡᠮᠵᠢ ᠬᠠᠯᠠᠮᠰᠠᠭ ᠲᠠᠢᠵᠢ ᠠᠷᠢᠬᠢ ᠨᠡᠬᠡᠭᠡᠳ ᠪᠠᠢᠬᠤ ᠦᠭᠡᠢ ᠪᠤᠯᠬᠤᠷ ᠨᠢ 《 ᠴᠢᠷᠠᠢ ᠠᠯᠳᠠᠭᠰᠠᠨ ᠭᠤᠢᠯᠢᠨᠴᠢᠨ》 ᠂ 《 ᠨᠤᠲᠤᠭ ᠪᠤᠵᠠᠷᠯᠠᠭᠰᠠᠨ ᠨᠤᠪᠰᠢ 》 ᠭᠡᠵᠦ ᠠᠭᠰᠤᠮᠨᠠᠪᠠ᠃ ᠰᠣᠭᠲᠤᠭᠤ ᠲᠠᠢᠵᠢ᠎ᠶᠢᠨ ᠲᠠᠴᠢᠶᠠᠩᠭᠤᠢ ᠨᠢᠳᠦ ᠴᠠᠨᠳᠠ ᠬᠡᠦᠬᠡᠨ᠎ᠠᠴᠠ ᠰᠠᠯᠬᠤ᠎ᠪᠠᠨ ᠪᠤᠯᠢᠵᠤ ᠲᠡᠮᠦᠷ᠎ᠢ ᠪᠠᠢᠨ ᠪᠠᠢᠨ ᠥᠯᠥᠨ ᠴᠢᠨ᠋ᠸ᠎ᠠ᠎ᠶᠢᠨ ᠬᠤᠷᠴᠠ ᠨᠢᠳᠦ᠎ᠪᠡᠷ ᠰᠢᠷᠪᠢᠵᠦ ᠪᠠᠢᠯ᠎ᠠ᠃
     – ᠮᠢᠨᠤ ᠪᠡᠶ᠎ᠡ ᠪᠠᠬᠠᠨ ᠰᠤᠭᠳᠤᠭᠤ ᠪᠠᠢᠭ᠎ᠠ ᠤᠴᠢᠷ ᠡᠨᠡ ᠪᠦᠰᠡᠭᠦᠢ᠎ᠪᠡᠷ ᠬᠦᠷᠭᠡᠭᠦᠯᠦᠨ᠎ᠡ᠃ ᠳᠠᠷᠤᠢ ᠮᠣᠷᠢ᠎ᠪᠠᠨ ᠡᠮᠡᠭᠡᠯᠯᠡᠭᠡᠳ ᠨᠠᠮᠠᠶ᠋ᠢ ᠪᠠᠷᠠᠭ᠎ᠠ ᠪᠤᠯᠵᠤ ᠶᠠᠪᠤ ᠭᠡᠵᠦ ᠲᠠᠢᠵᠢ ᠴᠠᠨᠳᠠ᠎ᠳᠤ ᠬᠠᠨᠳᠤᠵᠤ ᠬᠡᠯᠡᠭᠡᠳ ᠰᠢᠭᠤᠳ ᠭᠠᠷᠤᠯ᠎ᠠ᠃
     ᠥᠩᠭᠡ ᠵᠢᠰᠤᠲᠠᠢ ᠵᠠᠯᠠᠭᠤ ᠪᠦᠰᠡᠭᠦᠢᠴᠦᠳ᠎ᠢ ᠪᠤᠵᠠᠷᠯᠠᠵᠤ ᠨᠠᠷ᠎ᠡ ᠭᠠᠷᠤᠭᠰᠠᠨ ᠲᠠᠴᠢᠶᠠᠩᠭᠤᠢ ᠲᠠᠢᠵᠢ᠎ᠶᠢᠨ ᠳᠠᠯᠳᠠ ᠰᠠᠨᠠᠭ᠎ᠠ᠎ᠶᠢ ᠤᠢᠯᠠᠭᠠᠭᠰᠠᠨ ᠥᠯᠵᠡᠢ ᠰᠠᠨᠳᠤᠷᠤᠨ ᠳᠠᠭᠠᠵᠤ ᠭᠠᠷᠤᠯ᠎ᠠ᠃
     –  ᠲᠡᠭᠷᠢ ᠢᠵᠠᠭᠤᠷᠲᠤ ᠲᠠᠢᠵᠢ ᠠᠬᠠᠢ ᠲᠠᠨ᠎ᠢ ᠥᠴᠦᠬᠡᠨ ᠪᠣᠭᠣᠯ ᠥᠪᠡᠷ᠎ᠦᠨ ᠪᠡᠶ᠎ᠡ᠎ᠪᠡᠷ ᠬᠦᠷᠭᠡᠵᠤ ᠦᠭᠭᠦᠶ᠎ᠡ ᠭᠡᠰᠡᠨ᠎ᠳᠦ ᠲᠠᠢᠵᠢ ᠠᠭᠤᠷᠯᠠᠨ ᠳᠤᠭᠰᠢᠷᠠᠵᠤ << ᠭᠤᠶ᠎ᠠ ᠴᠢᠨᠢ ᠵᠠᠭᠠᠳᠤᠨᠠᠭ᠎ᠠ ᠦᠭᠡᠢ ᠶᠤᠮ ᠪᠤᠯ ᠭᠡᠷᠯᠡᠭᠰᠡᠨ᠎ᠢᠶᠡᠷ ᠶᠠᠪᠤᠭᠤᠯ >> ᠭᠡᠵᠦ ᠬᠠᠰᠬᠢᠷᠬᠤ ᠳ᠋ᠤᠨᠢ ᠥᠯᠵᠡᠢ ᠡᠮᠦᠨ᠎ᠡ ᠨᠢ ᠰᠦᠬᠦᠷᠡᠨ ᠤᠨᠠᠵᠤ ᠭᠤᠶᠤᠪᠠ᠃ ᠲᠠᠢᠵᠢ᠎ᠶᠢᠨ ᠨᠢᠭᠤᠷ ᠨᠢᠳᠦ ᠨᠢ ᠲᠠᠳᠠᠯᠳᠤᠨ ᠠᠭᠤᠷᠯᠠᠵᠤ ᠪᠦᠳᠦᠭᠦᠨ ᠲᠡᠩᠰᠡᠨ ᠲᠠᠰᠢᠭᠤᠷ᠎ᠢᠶᠠᠷ ᠪᠠᠯᠪᠠᠪᠠ᠃
     ᠡᠨᠡ ᠪᠦᠬᠦᠨ᠎ᠢ ᠬᠠᠷᠠᠭᠰᠠᠨ ᠲᠡᠮᠦᠷ ᠲᠡᠰᠴᠦ ᠴᠢᠳᠠᠭᠰᠠᠨ ᠦᠭᠡᠢ ᠱᠤᠤᠭᠢᠨ ᠤᠴᠢᠵᠤ << ᠬᠠᠮᠵᠢᠯᠭ᠎ᠠ᠎ᠪᠠᠨ ᠬᠠᠵᠠᠭᠰᠠᠨ ᠲᠠᠢᠵᠢ᠂ ᠬᠠᠶᠠᠭ᠎ᠠ᠎ᠪᠠᠨ ᠬᠠᠳᠤᠭᠰᠠᠨ ᠯᠣᠢᠪᠠᠷᠴᠢᠨ ᠭᠡᠭᠴᠢ᠎ᠪᠠᠷ᠂ ᠡᠨᠡ ᠬᠦᠮᠦᠨ ᠦᠴᠦᠬᠡᠨ ᠴᠤ᠌ ᠭᠡᠮ ᠬᠢᠭᠡ ᠦᠭᠡᠢ ᠪᠠᠢᠬᠤ᠎ᠳᠦ ᠲᠠ ᠳᠠᠩᠳᠡᠭᠦᠦ ᠬᠡᠷᠴᠡᠭᠡᠢ ᠪᠠᠢᠨ᠎ᠠ >> ᠭᠡᠰᠡᠨ ᠴᠢᠨᠢ ᠲᠠᠢᠵᠢ᠎ᠶᠢᠨ ᠠᠭᠣᠷ ᠣᠮᠤᠭ ᠭᠠᠯ᠎ᠳᠤ ᠣᠷᠤᠭᠰᠠᠨ ᠳᠠᠷᠢ ᠰᠢᠭ᠋ ᠤᠯᠪᠤᠯᠵᠠᠨ ᠠᠰᠠᠵᠤ << ᠴᠢ ᠬᠠᠮᠢᠭ᠎ᠠ ᠭᠠᠵᠠᠷ᠎ᠤᠨ ᠭᠤᠢᠯᠢᠨᠴᠢᠨ ᠪᠤᠢ? ᠰᠠᠢᠳ ᠸᠠᠩ ᠫᠦᠷᠪᠦ ᠲᠠᠢᠵᠢ ᠠᠪᠠᠭ᠎ᠠ᠎ᠪᠠᠨ ᠲᠠᠨᠢᠬᠤ ᠦᠭᠡᠢ ᠪᠠᠢᠨ᠎ᠠ ᠦᠦ?>> ᠭᠡᠳ ᠲᠠᠰᠢᠭᠤᠷ ᠳᠠᠯᠠᠢᠨ ᠢᠷᠡᠯ᠎ᠡ᠃
     ᠲᠡᠮᠦᠷ ᠲᠠᠰᠢᠭᠤᠷ᠎ᠢ ᠨᠢ ᠪᠤᠯᠢᠶᠠᠵᠤ ᠠᠪᠤᠭᠠᠳ ᠲᠦᠯᠬᠢᠵᠦ ᠤᠷᠬᠢᠭ᠍ᠰᠠᠨ ᠴᠢᠨᠢ ᠤᠮᠤᠭ ᠲᠠᠢ ᠲᠠᠢᠵᠢ ᠠᠷᠤ᠎ᠳᠠᠭᠠᠨ ᠪᠠᠢᠭ᠍ᠰᠠᠨ ᠱᠠᠵᠢᠬᠡᠢ ᠳᠡᠭᠡᠭᠦᠷ ᠳᠠᠪᠠᠵᠤ ᠦᠰᠦᠷᠤᠨ ᠤᠨᠠᠪᠠ᠃ ᠲᠠᠢᠵᠢ ᠪᠤᠰᠤᠭᠠᠳ ᠥᠯᠵᠡᠢ ᠤᠷᠤᠭᠤ << ᠥᠴᠦᠬᠡᠨ ᠪᠤᠭᠤᠯ ᠴᠢ ᠴᠡᠳᠢᠭ ᠦᠭᠡᠢ ᠠᠮᠢᠲᠠᠨ᠎ᠢ ᠤᠷᠤᠩᠨᠠᠭᠤᠯᠵᠤ ᠡᠵᠡᠨ ᠴᠢᠩᠭᠢᠰ ᠬᠠᠭᠠᠨ᠎ᠤ ᠤᠭᠰᠠᠭ᠎ᠠ᠎ᠶᠢ ᠠᠶᠤᠮᠰᠢᠭ᠋ ᠦᠭᠡᠢ ᠳᠣᠷᠣᠮᠵᠢᠯᠠᠨ᠎ᠠ ᠭᠡᠨ᠎ᠡ᠃ ᠬᠤᠢᠲᠤ ᠡᠳᠦᠷ ᠬᠤᠩᠭᠤᠨ ᠳᠡᠭᠡᠷ᠎ᠡ ᠴᠢᠨᠢ ᠬᠤᠯᠤᠰᠦᠨ ᠪᠠᠩᠵᠠ ᠪᠠᠭᠤᠭᠰᠠᠨ ᠴᠠᠭ᠎ᠲᠤ ᠶᠠᠮᠠᠷ ᠶᠠᠯ᠎ᠠ ᠬᠢᠭᠰᠡᠨ᠎ᠳᠡᠭᠡᠨ ᠭᠡᠮᠰᠢᠨ᠎ᠡ >> ᠭᠡᠳ ᠭᠡᠷ᠎ᠦᠨ ᠪᠦᠰᠡᠯᠡᠭᠦᠷ᠎ᠠᠴᠠ ᠮᠣᠷᠢᠨ᠎ᠤ᠎ᠪᠠᠨ ᠴᠤᠯᠪᠤᠭᠤᠷ᠎ᠢ ᠲᠠᠢᠯᠬᠤ ᠭᠡᠲᠡᠯ᠎ᠡ ᠲᠡᠮᠦᠷ ᠰᠢᠯᠢᠨ ᠳᠡᠭᠡᠷ᠎ᠡ᠎ᠠᠴᠠ ᠨᠢ ᠪᠠᠵᠠᠨ ᠠᠪᠴᠤ ᠰᠠᠷᠪᠠᠯᠵᠠᠭᠤᠯᠤᠨ ᠡᠷᠭᠦᠪᠡ᠃
     – ᠠᠭᠤᠯᠠ ᠬᠠᠷᠠᠬᠤ ᠨᠢᠳᠦ ᠦᠭᠡᠢ᠂ ᠠᠭᠤᠰᠬᠢ ᠳᠠᠭᠠᠭᠠᠬᠤ ᠰᠢᠳᠦ ᠦᠭᠡᠢ ᠪᠤᠯᠤᠭᠰᠠᠨ ᠪᠠᠢᠵᠤ ᠶᠠᠭᠠᠬᠢᠭ᠍ᠰᠠᠨ ᠰᠡᠭᠡᠷᠡᠭᠦᠨ ᠵᠤᠯᠢᠭ᠋ ᠪᠤᠢ? ᠮᠠᠭᠤ ᠵᠦᠨᠦᠭ ᠴᠢ ᠡᠳᠡᠨ᠎ᠢ ᠤᠷᠤᠯᠳᠤᠵᠤ᠂ ᠦᠰᠢᠶ᠎ᠡ ᠬᠤᠨᠵᠢᠩ ᠡᠪᠦᠷᠯᠡᠪᠡᠯ ᠪᠠᠭᠠᠯᠵᠤᠤᠷ᠎ᠢ ᠴᠢᠨᠢ ᠰᠢᠬᠠᠵᠤ ᠪᠣᠳᠢ᠎ᠶᠢ ᠴᠢᠨᠢ ᠬᠥᠲᠥᠯᠥᠨ᠎ᠡ ᠮᠡᠳᠡᠪᠡ ᠦᠦ ᠭᠡᠬᠦ᠎ᠳᠦ ᠥᠯᠵᠡᠢ᠎ᠶᠢᠨ ᠳᠥᠷᠪᠡᠨ ᠬᠠᠨ᠎ᠠ ᠲᠠᠢ ᠭᠡᠷ ᠳᠤᠷᠭᠢᠬᠤ ᠰᠢᠭ᠋ ᠪᠤᠯᠪᠠ᠃
     ᠲᠠᠢᠵᠢ᠎ᠶᠢᠨ ᠤᠤᠭᠤᠭᠰᠠᠨ ᠠᠷᠢᠬᠢ᠂ ᠠᠭᠤᠷᠯᠠᠭᠰᠠᠨ ᠠᠭᠤᠷ ᠣᠷᠤ ᠰᠤᠷᠠᠭ ᠦᠭᠡᠢ ᠠᠯᠠᠭ᠎ᠠ ᠪᠤᠯᠵᠤ ᠪᠦᠬᠦ ᠪᠡᠶ᠎ᠡ ᠨᠢ ᠴᠡᠴᠡᠷᠡᠨ ᠠᠮᠠ ᠨᠢ ᠡᠪᠯᠡᠵᠤ ᠶᠠᠳᠠᠨ ᠪᠠᠢᠬᠤ᠎ᠶᠢ ᠬᠠᠷᠠᠭᠰᠠᠨ ᠴᠠᠨᠳᠠ ᠦᠪᠡᠷ᠎ᠦᠨ ᠡᠷᠬᠡ ᠦᠭᠡᠢ ᠢᠨᠢᠶᠡᠳᠦ ᠠᠯᠳᠠᠪᠠ᠃ ᠬᠠᠷᠢᠨ ᠬᠡᠷᠴᠡᠭᠡᠢ ᠲᠠᠢᠵᠢ᠎ᠶᠢᠨ ᠬᠤᠢᠳᠤ ᠡᠳᠦᠷ᠎ᠦᠨ ᠪᠠᠯᠠᠭ᠎ᠡᠴᠡ ᠤᠬᠠᠭᠠᠨ ᠠᠯᠳᠠᠨ ᠠᠶᠤᠭᠰᠠᠨ ᠥᠯᠵᠡᠢ << ᠳᠡᠭᠦᠦ ᠮᠢᠨᠢ ᠪᠤᠯᠢᠭᠠᠴᠢ᠃ ᠶᠠᠳᠠᠷᠠᠭᠰᠠᠨ ᠨᠠᠮᠠᠶ᠋ᠢ ᠬᠡᠷᠡᠭ᠎ᠲᠦ ᠬᠢᠯ᠎ᠡ >> ᠭᠡᠵᠦ ᠦᠭᠡᠯᠡᠪᠡ᠃ ᠲᠡᠮᠦᠷ ᠬᠤᠶᠠᠷ ᠳᠠᠬᠢᠨ ᠬᠦᠴᠦᠲᠠᠢ ᠰᠡᠭᠰᠦᠷᠦᠭᠡᠳ ᠭᠠᠵᠠᠷ ᠲᠠᠯᠪᠢᠬᠤ ᠳ᠋ᠤᠨᠢ ᠲᠠᠢᠵᠢ ᠪᠦᠭᠰᠡ᠎ᠪᠡᠷ᠎ᠢᠶᠡᠨ ᠯᠠᠭᠭᠢᠳᠠᠯ᠎ᠠ ᠰᠠᠭᠤᠪᠠ᠃
     – ᠦᠴᠦᠭᠡᠨ ᠠᠮᠢ ᠦᠷᠦᠰᠢᠶᠡ᠃ ᠶᠡᠬᠡ ᠡᠷ᠎ᠡ᠎ᠶᠢᠨ ᠠᠯᠳᠠᠷ᠎ᠢ ᠬᠡᠨ ᠭᠡᠳᠡᠭ ᠪᠤᠯ ᠭᠡᠵᠤ ᠲᠠᠢᠵᠢ ᠪᠠᠴᠢᠮᠳᠠᠨ ᠲᠠᠰᠤᠯᠳᠠᠭᠰᠠᠨ ᠳᠠᠭᠤ᠎ᠪᠠᠷ ᠠᠰᠠᠭᠤᠪᠠ᠃
     – ᠵᠠᠰᠠᠭᠲᠤ ᠬᠠᠨ᠎ᠤ ᠴᠠᠬᠢᠭᠤᠷ ᠲᠡᠮᠦᠷ ᠭᠡᠭᠴᠢ᠎ᠶᠢ ᠰᠣᠨᠤᠰᠤᠭᠰᠠᠨ ᠦᠦ? ᠭᠡᠵᠦ ᠵᠠᠭᠤᠭᠰᠠᠨ ᠰᠢᠳᠦᠨ᠎ᠦ᠎ᠪᠡᠨ ᠵᠠᠪᠰᠠᠷ᠎ᠢᠶᠠᠷ ᠠᠰᠠᠭᠤᠪᠠ᠃
     ᠡᠨᠡ ᠠᠯᠳᠠᠷᠰᠢᠭ᠍ᠰᠠᠨ ᠰᠢᠯᠢ᠎ᠶᠢᠨ ᠣᠷᠭᠤᠳᠤᠤᠯ᠎ᠤᠨ ᠨᠡᠷ᠎ᠡ᠎ᠶᠢ ᠫᠦᠷᠪᠦ ᠤᠯᠠᠨᠲᠠ ᠰᠣᠨᠣᠰᠦᠭ᠍ᠰᠠᠨ᠎ᠢᠶᠠᠷ ᠪᠠᠷᠠᠬᠤ ᠦᠭᠡᠢ᠂ ᠯᠤᠤ ᠭᠦᠩ᠎ᠦᠨ ᠲᠠᠮᠠᠭ᠎ᠠ᠎ᠡᠴᠡ ᠣᠷᠭᠣᠭᠰᠠᠨ ᠲᠤᠬᠠᠢ ᠦᠨᠦ ᠥᠷᠯᠥᠭᠡ ᠳᠤᠭᠤᠯᠵᠠᠢ᠃ ᠡᠨᠡ ᠨᠡᠷ᠎ᠡ᠎ᠶᠢ ᠰᠣᠨᠣᠰᠤᠮᠠᠭᠴᠠ ᠲᠠᠢᠵᠢ ᠡᠪᠦᠳᠦᠭ ᠳᠡᠭᠡᠷ᠎ᠡ᠎ᠪᠡᠨ ᠰᠥᠬᠥᠷᠡᠨ᠂ ᠨᠢᠭᠤᠷ ᠨᠢ ᠦᠷᠴᠢᠢᠨ ᠤᠬᠢᠯᠠᠬᠤ ᠢᠨᠢᠶᠡᠬᠦ ᠬᠤᠤᠰᠯᠠᠭᠰᠠᠨ ᠨᠢᠳᠦ᠎ᠪᠡᠷ ᠲᠡᠮᠦᠷ᠎ᠤᠨ ᠳᠤᠤᠷ᠎ᠠ᠎ᠡᠴᠡ ᠨᠢ ᠭᠦᠯᠢᠯᠵᠡᠨ ᠬᠠᠷᠠᠵᠤ << ᠥᠴᠥᠬᠡᠨ ᠪᠢ ᠶᠡᠬᠡ ᠡᠷ᠎ᠡ᠎ᠶᠢ ᠲᠠᠨᠢᠭ᠍ᠰᠠᠨ ᠦᠭᠡᠢ᠃ ᠠᠮᠢ ᠥᠷᠥᠰᠢᠶᠡ >> ᠭᠡᠵᠤ ᠳᠠᠬᠢᠨ ᠲᠠᠪᠳᠠᠨ ᠭᠤᠶᠤᠬᠤ᠎ᠳᠤ ᠮᠠᠩᠨᠠᠢ ᠳ᠋ᠤᠨᠢ ᠬᠦᠢᠲᠡᠨ ᠬᠥᠯᠥᠰᠦ ᠪᠣᠷᠵᠠᠢᠨ ᠪᠠᠢᠯ᠎ᠠ᠃
     ᠥᠯᠵᠡᠢ ᠴᠤ᠌ ᠡᠨᠡ ᠠᠯᠳᠠᠷᠲᠤ ᠡᠷ᠎ᠡ᠎ᠶᠢᠨ ᠲᠤᠬᠠᠢ ᠶᠠᠷᠢᠶ᠎ᠠ᠎ᠶᠢ ᠪᠢᠰᠢᠭᠦᠢ ᠰᠣᠨᠣᠰᠴᠤ ᠪᠠᠢᠭ᠍ᠰᠠᠨ ᠪᠤᠯᠬᠤᠷ ᠦᠭᠡ ᠴᠤ᠌ ᠳᠤᠤᠭᠠᠷᠴᠤ ᠴᠢᠳᠠᠬᠤ ᠦᠭᠡᠢ ᠳᠡᠮᠡᠢ ᠯᠡ ᠠᠮᠠ᠎ᠪᠠᠨ ᠠᠩᠭᠠᠢᠨ ᠭᠠᠢᠬᠠᠪᠠ᠃
     ᠲᠡᠮᠦᠷ ᠥᠳᠬᠡᠨ ᠬᠠᠷ᠎ᠠ ᠬᠥᠮᠥᠰᠭᠡ ᠲᠠᠢ᠂ ᠲᠣᠮᠤ ᠠᠯᠠᠭ ᠨᠢᠳᠦ᠎ᠪᠡᠨ ᠡᠷᠬᠢᠯᠳᠦᠭᠦᠯᠦᠨ ᠢᠨᠢᠶᠡᠮᠰᠦᠭᠯᠡᠵᠦ << ᠥᠯᠵᠡᠢ ᠭᠣᠸᠠᠢ ᠰᠠᠢᠨ ᠰᠠᠭᠤᠵᠤ ᠪᠠᠢᠭᠠᠷᠠᠢ᠂ ᠪᠢ ᠡᠷᠬᠢᠵᠦ ᠢᠷᠡᠨ᠎ᠡ >> ᠭᠡᠳ ᠴᠢᠷᠠᠢ ᠨᠢ ᠬᠤᠪᠢᠷᠠᠵᠤ᠂ ᠬᠥᠮᠥᠰᠭᠡ ᠨᠢ ᠠᠲᠤᠷᠢᠨ ᠰᠢᠳᠦ᠎ᠪᠡᠨ ᠵᠠᠭᠤᠵᠤ᠂ ᠲᠠᠢᠵᠢ᠎ᠶᠢ ᠳᠤᠯᠤᠪᠤᠷ ᠬᠤᠷᠤᠭᠤ᠎ᠪᠠᠷ᠎ᠢᠶᠠᠨ ᠴᠢᠷᠠᠢ ᠴᠢᠴᠢᠵᠦ᠂ << ᠲᠡᠭᠡᠭᠡᠳ ᠬᠠᠷᠢᠨ ᠦᠦ᠁ ᠲᠡᠮᠦᠷ ᠬᠡᠯᠡᠭᠰᠡᠨ᠎ᠳᠡᠭᠡᠨ ᠬᠦᠷᠦᠨ᠎ᠡ ᠰᠢᠦ >> ᠭᠡᠬᠦ ᠳ᠋ᠤᠨᠢ ᠲᠠᠢᠵᠢ᠎ᠶᠢᠨ ᠴᠢᠷᠠᠢ ᠭᠠᠯ᠎ᠳᠤ ᠬᠢᠭᠰᠡᠨ ᠰᠢᠷ᠎ᠠ ᠳᠤᠰᠤᠨ᠎ᠤ ᠭᠦᠵᠡᠭᠡ ᠰᠢᠭ᠌ ᠬᠤᠨᠢᠷᠢᠨ << ᠵᠠ >> ᠭᠡᠳ ᠠᠯᠠᠭ᠎ᠠ᠎ᠢᠶᠠᠨ ᠬᠠᠪᠰᠤᠷᠪᠠ᠃
     ᠲᠡᠮᠦᠷ᠂ ᠮᠣᠷᠢᠨ᠎ᠳᠠᠭᠠᠨ ᠮᠣᠷᠳᠠᠵᠤ ᠳᠥᠷᠦᠭᠡᠨ ᠳᠡᠭᠡᠷ᠎ᠡ᠎ᠪᠡᠨ ᠪᠤᠰᠤᠭᠠᠳ ᠪᠠᠷᠠᠭᠤᠨ ᠵᠦᠭ ᠬᠠᠲᠠᠷᠢᠭᠤᠯᠤᠨ ᠬᠣᠯᠠᠳᠬᠤ᠎ᠳᠤ ᠪᠠᠬᠠᠲᠤᠨ ᠬᠠᠷᠠᠵᠤ ᠪᠠᠢᠭ᠍ᠰᠠᠨ ᠥᠯᠵᠡᠢ ᠭᠡᠨᠡᠳᠲᠡ ᠤᠬᠠᠭᠠᠨ ᠤᠷᠤᠭᠰᠠᠨ ᠪᠣᠯᠣᠯᠲᠠᠢ ᠡᠷᠬᠢᠵᠦ << ᠴᠠᠨᠳᠠ ᠮᠢᠨᠢ ᠲᠠᠬᠢᠯ ᠡᠷᠭᠦ >> ᠭᠡᠬᠦ᠎ᠳᠦ ᠨᠢᠳᠦᠨ᠎ᠦ ᠬᠢᠨᠢ ᠡᠮᠦᠨ᠎ᠡ ᠪᠣᠯᠵᠤ ᠥᠩᠭᠡᠷᠡᠭᠰᠡᠨ ᠦᠯᠢᠭᠡᠷ ᠰᠢᠭ᠌ ᠶᠠᠭᠤᠮ᠎ᠠ᠎ᠶᠢᠨ ᠤᠴᠢᠷ᠎ᠢ ᠣᠯᠵᠤ ᠶᠠᠳᠠᠨ ᠭᠠᠢᠬᠠᠵᠤ ᠪᠠᠢᠭ᠍ᠰᠠᠨ ᠬᠡᠦᠬᠡᠨ ᠭᠡᠷ᠎ᠲᠦ ᠤᠷᠤᠵᠤ ᠬᠤᠪᠢᠩ ᠲᠠᠢ ᠰᠦ ᠰᠠᠴᠤᠯᠢ᠎ᠪᠠᠨ ᠠᠪᠴᠢᠷᠠᠭᠠᠳ ᠶᠢᠰᠦᠨᠲᠡ ᠲᠠᠬᠢᠯ ᠡᠷᠬᠦᠪᠡ᠃
     ᠳᠣᠣᠷᠠᠳᠤ ᠬᠦᠴᠦᠲᠡᠨ ᠲᠠᠢ ᠲᠤᠬᠢᠶᠠᠯᠳᠣᠬᠣ᠌᠎ᠳᠠᠭᠠᠨ ᠶᠠᠮᠠᠷ ᠪᠣᠵᠠᠷ ᠬᠡᠷᠡᠭ ᠬᠢᠬᠦ᠎ᠠᠴᠠ ᠪᠤᠴᠠᠳᠠᠭ ᠦᠭᠡᠢ ᠪᠣᠯᠪᠠᠴᠤ ᠬᠦᠴᠦᠲᠡᠨ ᠲᠠᠢ ᠠᠭᠤᠯᠵᠠᠭᠰᠠᠨ ᠴᠠᠭ᠎ᠲᠠᠭᠠᠨ ᠶᠠᠮᠠᠷ ᠴᠤ᠌ ᠳᠤᠷᠤᠮᠵᠢᠯᠠᠯ᠎ᠢ ᠳᠡᠰᠪᠦᠷᠢᠯᠡᠨ ᠬᠦᠯᠢᠶᠡᠵᠦ ᠴᠢᠳᠠᠳᠠᠭ ᠬᠥᠮᠥᠰ᠎ᠦᠨ ᠨᠢᠭᠡ ᠪᠣᠯ ᠫᠦᠷᠪᠦ ᠲᠠᠢᠵᠢ ᠪᠠᠢᠵᠠᠢ᠃ ᠬᠠᠯᠬ᠎ᠠ ᠳᠠᠶᠠᠭᠠᠷ ᠨᠡᠷ᠎ᠡ ᠭᠠᠷᠤᠭᠰᠠᠨ ᠴᠠᠬᠢᠭᠤᠷ ᠲᠡᠮᠦᠷ ᠬᠡᠯᠡᠭᠰᠡᠨ᠎ᠳᠡᠭᠡᠨ ᠡᠷᠬᠡᠪᠰᠢ ᠬᠦᠷᠦᠨ᠎ᠡ ᠭᠡᠵᠤ ᠪᠣᠳᠣᠭᠰᠠᠨ ᠫᠦᠷᠪᠦ ᠲᠠᠢᠵᠢ ᠪᠤᠰᠴᠦ ᠥᠯᠵᠡᠢ ᠥᠭᠡᠳᠡ ᠶᠡᠬᠡᠩᠬᠢ ᠨᠢ ᠤᠨᠠᠭᠰᠠᠨ ᠡᠭᠦᠳᠡᠨ ᠰᠢᠳᠦ᠎ᠪᠡᠨ ᠢᠷᠵᠢᠢᠯᠭᠠᠨ ᠢᠨᠢᠶᠡᠮᠰᠦᠭᠯᠡᠭᠰᠡᠨ ᠪᠣᠯᠣᠭᠠᠳ ᠮᠣᠷᠳᠠᠵᠤ ᠣᠮ ᠬᠣᠮ ᠦᠭᠡᠢ ᠲᠠᠪᠬᠢᠯ᠎ᠠ᠃

返回顶部