ᠲᠤᠩᠭᠠᠯᠠᠭ ᠲᠠᠮᠢᠷ
– ᠴ᠂ ᠯᠤᠳᠤᠢᠳᠠᠮᠪᠠ
ᠨᠢᠭᠡ — ᠭᠤᠷᠪᠠ
ᠵᠤᠨ᠎ᠤ ᠪᠦᠭᠴᠢᠮ ᠬᠠᠯᠠᠭᠤᠨ ᠡᠳᠦᠷ ᠪᠣᠭᠳᠠ᠎ᠶᠢᠨ ᠬᠦᠷᠢᠶᠡᠨ᠎ᠦ ᠮᠢᠬᠠᠨ᠎ᠤ ᠵᠠᠬ᠎ᠠ ᠳᠡᠭᠡᠷ᠎ᠡ ᠬᠥᠮᠥᠨ ᠳᠡᠰᠴᠦ ᠴᠤ᠌ ᠪᠠᠢᠬᠤ᠎ᠶᠢᠨ ᠠᠷᠭ᠎ᠠ ᠦᠭᠡᠢ ᠪᠠᠢᠳᠠᠭ᠃
ᠬᠠᠷ᠎ᠠ ᠪᠠᠲᠠᠭᠠᠨ᠎ᠠ ᠠᠮᠢᠰᠬᠤᠭ᠎ᠠ ᠳᠠᠪᠬᠤᠴᠠᠭᠤᠯᠵᠤ᠂ ᠵᠣᠯᠪᠢᠩ ᠨᠤᠬᠠᠢ ᠬᠥᠯ᠎ᠳᠦ ᠲᠡᠭᠡᠭᠯᠡᠨ ᠭᠠᠰᠠᠯᠤᠨ᠎ᠠ᠃ ᠴᠢᠰᠤ ᠲᠤᠰᠣ᠌ ᠬᠤᠶᠠᠷ ᠨᠡᠪᠲᠡᠷᠡᠭᠰᠡᠨ ᠳᠡᠪᠡᠯ ᠲᠠᠢ ᠶᠠᠷᠭᠠᠴᠢᠨ ᠬᠠᠪ ᠬᠠᠷ᠎ᠠ ᠸᠠᠳᠠᠩ᠎ᠢᠶᠠᠷ ᠪᠠᠢᠨ ᠪᠠᠢᠨ ᠬᠥᠯᠥᠰᠥ᠍᠎ᠪᠡᠨ ᠠᠷᠴᠢᠨ 《 ᠥᠭᠡᠬᠦ ᠢᠳᠡᠶ᠎ᠡ ᠭᠡᠪᠡᠯ ᠡᠨᠳᠡ ᠪᠠᠢᠨ᠎ᠠ!》 ᠂ 《 ᠲᠠᠪᠤᠨ ᠴᠤᠯᠤ᠎ᠶᠢᠨ ᠱᠥᠯᠦ ᠤᠤᠭᠤᠬᠤ ᠳᠤᠷ᠎ᠠ ᠲᠠᠢ ᠬᠥᠮᠥᠨ᠎ᠳᠦ ᠰᠢᠨᠡᠬᠡᠨ ᠴᠤᠪᠤᠲᠠᠢ ᠬᠢᠮᠳᠠᠬᠠᠨ ᠥᠭᠭᠦᠨ᠎ᠡ 》 ᠂ 《 ᠪᠦᠭᠴᠢᠮ ᠪᠠᠢᠨ᠎ᠠ ᠪᠣᠷᠣᠭᠠᠨ ᠣᠷᠣᠵᠣ᠌ ᠮᠠᠭᠠᠳ᠂ ᠡᠷᠳᠡᠬᠡᠨ᠂ ᠬᠤᠰᠬᠢᠨᠠᠭ ᠠᠪᠤᠪᠠᠯ ᠳᠡᠭᠡᠷ᠎ᠡ ᠪᠢᠰᠢᠦ!》 ᠭᠡᠬᠦ ᠵᠡᠷᠭᠡ ᠪᠦᠳᠦᠭᠦᠨ ᠨᠠᠷᠢᠨ ᠬᠣᠭᠣᠯᠠᠢ᠎ᠪᠠᠷ ᠬᠠᠰᠬᠢᠷᠬᠤ ᠨᠢ ᠳᠣᠯᠳᠤᠢᠴᠢᠨᠤ ᠨᠢᠭᠡ ᠬᠥᠭ ᠲᠠᠢ ᠤᠨᠵᠢᠷᠠᠭᠰᠠᠨ ᠣᠩᠰᠢᠯᠭ᠎ᠠ᠂ ᠭᠤᠶᠤᠯᠭᠠᠴᠢᠨᠤ ᠤᠶᠠᠩᠭᠠᠯᠠᠭᠰᠠᠨ ᠳᠠᠭᠤ᠂ ᠣᠮᠣᠭ ᠲᠠᠢ ᠬᠥᠮᠥᠨ᠎ᠳᠦ ᠢᠰᠭᠦᠯᠦᠭᠦᠯᠦᠭᠰᠡᠨ ᠨᠣᠬᠠᠳ᠎ᠤᠨ ᠶᠠᠩᠬᠢᠨᠠᠨ ᠭᠠᠰᠠᠯᠠᠬᠤ ᠲᠠᠢ ᠬᠤᠯᠢᠯᠳᠤᠨ ᠳᠠᠰᠤᠭ᠎ᠠ ᠦᠭᠡᠢ ᠬᠥᠮᠥᠨ᠎ᠳᠦ ᠡᠨᠳᠡ ᠴᠣᠬᠤᠮ ᠶᠠᠭᠤ ᠪᠣᠯᠵᠤ ᠪᠠᠢᠭ᠎ᠠ ᠨᠢ ᠣᠢᠯᠠᠭᠠᠭᠳᠠᠬᠤ ᠦᠭᠡᠢ ᠠᠵᠠᠢ᠃
ᠤᠷᠲᠤ ᠰᠤᠷ ᠪᠠᠷᠢᠭ᠍ᠰᠠᠨ ᠮᠢᠬ᠎ᠠ ᠬᠦᠷᠭᠡᠭᠴᠢᠳ᠎ᠦᠨ ᠵᠠᠷᠢᠮ ᠨᠢ ᠮᠢᠬᠠᠨ᠎ᠤ ᠪᠠᠨᠳᠠᠩ ᠲᠦᠰᠢᠨ᠂ ᠰᠤᠷᠢᠶᠠᠨ ᠰᠢᠪᠲᠤᠷᠤᠨ ᠬᠠᠶᠠ ᠨᠢᠭᠡ ᠡᠭᠰᠢᠶᠡᠨᠡ᠃ ᠵᠠᠷᠢᠮ ᠨᠢ ᠮᠢᠬᠠᠨ᠎ᠤ ᠦᠨ᠎ᠡ ᠠᠰᠠᠭᠤᠭᠰᠠᠨ ᠬᠦᠮᠦᠨ᠎ᠦ ᠬᠤᠢᠨ᠎ᠠ ᠪᠡᠶ᠎ᠡ ᠪᠡᠶ᠎ᠡ᠎ᠪᠡᠨ ᠲᠦᠯᠬᠢᠯᠴᠡᠨ ᠬᠤᠰᠢᠭᠤᠷᠠᠨ᠎ᠠ᠃
ᠡᠨᠡ ᠶᠡᠷᠦ ᠪᠤᠰᠦ ᠱᠤᠤᠬᠢᠶᠠᠨ ᠲᠠᠢ ᠵᠠᠬ᠎ᠠ᠎ᠶᠢᠨ ᠵᠡᠭᠦᠨ ᠲᠠᠯ᠎ᠠ᠎ᠳᠤ ᠥᠷᠥᠭᠡᠰᠦᠨ ᠰᠤᠭᠤ ᠲᠠᠶᠠᠭ ᠲᠠᠢ᠂ ᠬᠠᠳᠠᠩᠬᠢ ᠴᠤᠩᠬᠢᠭᠠᠷ ᠴᠢᠷᠠᠢ ᠲᠠᠢ᠂ ᠤᠷᠠᠩᠬᠠᠢ ᠬᠥᠬᠡ ᠳᠡᠪᠡᠯ ᠲᠠᠢ ᠶᠡᠷᠦ᠎ᠶᠢᠨ ᠭᠤᠶᠤᠯᠭᠠᠴᠢᠨ ᠵᠠᠯᠠᠭᠤ ᠡᠷ᠎ᠡ ᠄ 《 ᠤᠯᠠᠨ ᠲᠥᠮᠡᠨ ᠠᠬ᠎ᠠ ᠳᠡᠭᠦᠦ ᠨᠠᠷ ᠡ᠂ ᠨᠢᠬᠦᠯᠡᠰᠦᠨ ᠦᠵᠡᠵᠦ ᠶᠠᠭᠤᠮ᠎ᠠ ᠬᠠᠢᠷᠠᠯᠠᠨ᠎ᠠ ᠦᠦ?》 ᠭᠡᠵᠦ ᠤᠶᠠᠩᠭᠠᠯᠠᠭᠰᠠᠨ ᠨᠠᠮᠤᠭᠤᠬᠠᠨ ᠲᠠᠭᠤ᠎ᠪᠠᠷ ᠬᠠᠰᠬᠢᠷᠴᠦ ᠪᠠᠢᠪᠠ᠃
ᠵᠠᠷᠢᠮ ᠬᠦᠮᠦᠨ ᠲᠡᠭᠦᠨ᠎ᠠᠴᠠ ᠰᠡᠵᠢᠭᠯᠡᠨ ᠵᠠᠢᠯᠠᠵᠤ ᠭᠠᠷᠤᠨ᠎ᠠ᠃ ᠵᠠᠷᠢᠮ ᠨᠢ ᠨᠢᠭᠡ ᠬᠣᠶᠠᠷ ᠤᠯᠠᠨ ᠮᠥᠩᠭᠥ ᠭᠠᠷ ᠳᠡᠭᠡᠷ᠎ᠡ ᠨᠢ ᠰᠢᠳᠡᠵᠦ ᠥᠭᠭᠦᠨ᠎ᠡ᠂ ᠵᠠᠷᠢᠮ ᠨᠢ ᠥᠭᠡᠬᠦ ᠲᠤᠰᠣ᠌ ᠪᠤᠤᠪᠤ᠎ᠶᠢᠨ ᠭᠡᠯᠳᠡᠷᠬᠡᠢ ᠥᠭᠬᠦ᠎ᠳᠦ ᠬᠠᠷ᠎ᠠ ᠬᠡᠦᠳᠠᠢᠶᠢᠨᠢᠶᠡᠨ ᠠᠮᠠ᠎ᠶᠢ ᠲᠤᠰᠴᠤ ᠬᠢᠯᠭᠡᠨ᠎ᠡ᠃ ᠵᠠᠷᠢᠮ ᠨᠢ ᠶᠠᠭᠤ ᠴᠤ᠌ ᠥᠭᠬᠦ ᠦᠭᠡᠢ ᠮᠥᠷᠲᠡᠭᠡᠨ ᠰᠤᠨᠢᠷᠬᠠᠨ ᠬᠠᠷᠠᠵᠤ ᠵᠤᠭ᠍ᠰᠦᠨᠠ᠃
ᠪᠣᠭᠳᠠ᠎ᠳᠤ ᠶᠢᠰᠤᠨ ᠴᠠᠭᠠᠨ ᠲᠡᠮᠡᠭᠡ ᠡᠷᠭᠦᠵᠤ ᠪᠠᠢᠰᠠ᠎ᠶᠢᠨ ᠵᠡᠷᠭᠡ ᠱᠠᠩᠨᠠᠭᠤᠯᠤᠭᠰᠠᠨ ᠲᠣᠲᠣᠭᠠᠳᠤ ᠶᠠᠮᠦᠨᠤ ᠲᠦᠰᠢᠮᠡᠯ ᠲᠤᠪᠴᠢᠨ ᠰᠠᠶᠢᠬᠠᠨ ᠠᠪᠤᠭᠰᠠᠨ ᠵᠠᠯᠠᠭᠤ ᠡᠬᠡᠨᠡᠷ᠎ᠢᠶᠡᠨ ᠨᠢᠳᠦ᠎ᠶᠢ ᠨᠢ ᠪᠦᠯᠳᠡᠷᠡᠲᠡᠯᠡ ᠭᠤᠶᠤᠭᠠᠳ ᠡᠵᠡᠨ ᠨᠢ ᠴᠤ᠌ ᠠᠨᠳᠠᠭᠤᠷᠠᠮᠠᠷ ᠢᠵᠢᠯᠬᠡᠨ ᠬᠤᠶᠠᠷ ᠭᠠᠯ ᠵᠡᠭᠡᠷᠳᠡ ᠮᠣᠷᠢ ᠤᠨᠤᠨ ᠮᠢᠬᠠᠨ ᠵᠠᠬ᠎ᠠ᠎ᠶᠢᠨ ᠬᠠᠵᠠᠭᠤ᠎ᠪᠠᠷ ᠥᠩᠭᠡᠷᠡᠪᠡ᠃
– ᠬᠥᠭᠡᠷᠦᠬᠦᠢ ᠡᠨᠡ ᠶᠠᠳᠠᠷᠠᠭᠰᠠᠨ ᠠᠮᠢᠲᠠᠨ᠎ᠳᠤ ᠶᠠᠭᠤᠮ᠎ᠠ ᠥᠭᠬᠦ ᠶᠤᠮᠰᠠᠨ᠃ ᠥᠭᠴᠢᠬᠡᠮᠡᠷ ᠶᠠᠭᠤᠮ᠎ᠠ ᠪᠠᠢᠨ᠎ᠠ ᠦᠦ? ᠭᠡᠵᠦ ᠵᠠᠯᠠᠭᠤ ᠡᠬᠡᠨᠡᠷ ᠬᠡᠯᠡᠪᠡ᠃
– ᠬᠤᠩᠭᠤᠷ ᠮᠢᠨᠢ ᠶᠠᠯᠢᠬᠤ ᠦᠭᠡᠢ ᠵᠢᠰᠥᠷ ᠪᠠᠶᠠᠵᠢᠬᠤ᠎ᠳᠤ ᠰᠠᠭᠠᠳ᠃ ᠬᠦᠷᠢᠶᠡᠨ᠎ᠦ ᠭᠤᠶᠤᠯᠭᠠᠴᠢᠨᠢ ᠪᠢᠳᠡ ᠲᠡᠵᠢᠭᠡᠵᠤ ᠪᠠᠷᠠᠬᠤ ᠪᠢᠰᠢ ᠭᠡᠵᠦ ᠲᠣᠪᠴᠢᠨ ᠬᠡᠯᠡᠭᠡᠳ ᠡᠷᠬᠢᠨ ᠲᠣᠭᠤᠷᠢᠨ᠎ᠢ ᠶᠡᠬᠡᠮᠰᠦᠭ᠎ᠢᠶᠡᠷ ᠰᠢᠷᠳᠡᠪᠡ᠃
ᠭᠡᠷᠡᠯ ᠡᠪᠦᠷ᠎ᠢᠶᠡᠨ ᠠᠭᠤᠳᠠᠯᠵᠤ ᠤᠷᠲᠤ ᠠᠶᠤᠰᠢ ᠬᠠᠳᠠᠭ ᠭᠠᠷᠭᠠᠭᠠᠳ ᠭᠤᠢᠯᠢᠨᠴᠢᠨ ᠥᠭᠡᠳᠡ ᠬᠠᠶᠠᠬᠤ᠎ᠳᠤ ᠮᠣᠷᠢ ᠨᠢ ᠦᠷᠭᠦᠵᠦ ᠣᠬᠤᠰᠬᠢᠬᠤᠳᠤ ᠳᠤᠪᠴᠢᠨ ᠰᠠᠨᠳᠤᠷᠴᠤ ᠴᠤᠯᠪᠤᠭᠤᠷᠳᠠᠨ ᠲᠤᠭᠲᠠᠭᠠᠪᠠ᠃
– ᠪᠤᠶᠠᠨ ᠬᠡᠰᠢᠭ ᠦᠭᠡᠢ ᠶᠠᠭᠤᠮ᠎ᠠ᠎ᠳᠤ ᠭᠠᠷ ᠰᠤᠩᠭᠠᠵᠤ ᠪᠠᠢᠵᠤ ᠦᠬᠦᠬᠦ ᠨᠢ᠃ ᠪᠠᠰᠠ ᠪᠠᠭ᠍ᠰᠢ᠎ᠳᠤ ᠪᠠᠷᠢᠬᠤ ᠭᠡᠰᠡᠨ ᠬᠠᠢᠷᠠᠨ ᠬᠠᠳᠠᠭ᠎ᠢ ᠥᠭᠴᠦ ᠤᠷᠬᠢᠬᠤ ᠶᠤᠮ ᠭᠡᠵᠦ ᠵᠢᠮᠡᠯᠡᠪᠡ᠃
– ᠪᠢᠳᠡᠬᠡᠢ ᠳᠡᠮᠡᠢ ᠶᠠᠷᠢ᠂ ᠥᠭᠬᠦ᠎ᠳᠦ ᠶᠠᠭᠠᠬᠢᠳᠠᠭ ᠶᠤᠮ ᠪᠤᠢ? ᠭᠡᠳ ᠭᠡᠷᠡᠯ ᠰᠢᠷᠪᠢᠪᠡ᠃
– ᠲᠡᠢᠮᠦ᠂ ᠲᠡᠢᠮᠦ ᠭᠡᠵᠦ ᠲᠤᠪᠴᠢᠨ ᠬᠤᠰᠢᠭᠤ᠎ᠪᠠᠨ ᠴᠤᠷᠪᠤᠢᠯᠭᠠᠨ ᠰᠠᠨᠳᠤᠷᠤᠨ ᠬᠡᠯᠡᠪᠡ᠃
ᠲᠤᠪᠴᠢᠨ ᠬᠥᠷᠦᠩᠭᠡ ᠳᠦᠷᠢᠵᠦ ᠪᠠᠢᠵᠤ ᠯᠡ ᠪᠣᠭᠳᠠ᠎ᠶᠢᠨ ᠵᠠᠰᠠᠭ᠎ᠤᠨ ᠶᠡᠬᠡᠰᠦᠨ ᠡᠩᠨᠡᠭᠡᠨ᠎ᠳᠦ ᠤᠷᠤᠭᠰᠠᠨ ᠪᠥᠭᠡᠳ ᠵᠢᠯ᠎ᠦᠨ ᠡᠮᠦᠨ᠎ᠡ ᠵᠠᠯᠠᠭᠤ ᠡᠬᠡᠨᠠᠷ ᠭᠡᠷᠡᠯ᠎ᠢᠶᠡᠨ ᠠᠪᠴᠠᠢ᠃ ᠭᠡᠷᠡᠯ᠎ᠢ ᠬᠦᠴᠦ᠎ᠪᠡᠷ ᠤᠬᠢᠯᠠᠭᠤᠯᠵᠤ ᠪᠠᠢᠭᠠᠳ ᠪᠤᠭᠲᠤᠯᠠᠨ ᠠᠪᠤᠭᠰᠠᠨ ᠪᠤᠯᠪᠠᠴᠤ ᠤᠳᠠᠯ ᠦᠭᠡᠢ ᠭᠡᠷᠡᠯ ᠬᠡᠦᠬᠡᠨ ᠪᠠᠢᠳᠠᠯ᠎ᠳᠠᠭᠠᠨ ᠳᠠᠰᠴᠤ᠂ ᠴᠠᠭ ᠥᠩᠭᠡᠷᠡᠬᠦ ᠲᠣᠲᠣᠮ ᠲᠣᠪᠴᠢᠨ ᠡᠬᠡᠨᠡᠷ᠎ᠦᠨ ᠭᠠᠷ᠎ᠲᠤ ᠠᠳᠬᠤᠭᠳᠠᠪᠠ᠃ ᠢᠩᠬᠢᠭᠡᠳ ᠨᠢᠭᠡ ᠮᠡᠳᠡᠬᠦ᠎ᠳᠦ ᠭᠡᠷᠡᠯ᠎ᠦᠨ ᠦᠭᠡ ᠲᠣᠪᠴᠢᠨ᠎ᠳᠤ ᠪᠣᠭᠳᠠ᠎ᠶᠢᠨ ᠵᠠᠷᠯᠢᠭ᠋ ᠲᠠᠢ ᠠᠳᠠᠯᠢ ᠪᠤᠯᠪᠠ᠃
ᠭᠡᠷᠡᠯ ᠮᠣᠷᠢ᠎ᠪᠠᠨ ᠲᠠᠯᠪᠢᠷᠠᠨ ᠬᠥᠳᠡᠯᠬᠦ᠎ᠳᠦ ᠲᠤᠪᠴᠢᠨ ᠳᠠᠭᠠᠵᠤ ᠬᠥᠳᠡᠯᠪᠡ᠃
– ᠠᠷᠪᠠᠨ ᠴᠠᠭᠠᠨ ᠪᠤᠶᠠᠨ ᠴᠢᠨᠢ ᠳᠡᠯᠭᠡᠷᠡᠵᠦ ᠶᠠᠪᠤ ᠭᠡᠳ ᠭᠤᠢᠯᠢᠨᠴᠢᠨ ᠬᠠᠳᠠᠭ᠎ᠢ ᠠᠪᠴᠤ ᠨᠠᠨᠳᠢᠩᠨᠠᠨ ᠡᠪᠦᠷᠲᠦᠯᠡᠪᠡ᠃
ᠦᠨᠳᠦᠷ ᠬᠡᠭᠡᠷ ᠮᠣᠷᠢ ᠲᠠᠢ᠂ ᠣᠷᠣᠰ ᠯᠢᠶᠠᠵᠤᠤ ᠫᠤᠤ ᠡᠭᠦᠷᠦᠭᠰᠡᠨ ᠬᠥᠬᠡ ᠳᠡᠪᠡᠯ ᠲᠠᠢ ᠵᠠᠯᠠᠭᠤ ᠡᠷ᠎ᠡ ᠵᠠᠬ᠎ᠠ᠎ᠶᠢᠨ ᠡᠮᠦᠨᠡᠭᠦᠷ ᠭᠠᠷᠤᠭᠠᠳ ᠵᠡᠭᠦᠨ ᠲᠡᠰᠢ ᠶᠠᠪᠤᠵᠤ ᠪᠠᠢᠭ᠍ᠰᠠᠨ᠎ᠢᠶᠠᠨ ᠭᠤᠢᠯᠢᠨᠴᠢ᠎ᠨᠢ ᠬᠠᠷᠠᠭᠠᠳ ᠵᠣᠭᠰᠤᠵᠤ << ᠬᠤᠶᠠᠭ ᠦᠦ ᠳᠠ >> ᠭᠡᠵᠦ ᠰᠢᠪᠡᠭᠡᠨᠡᠪᠡ᠃
ᠭᠠᠢᠬᠠᠨ ᠪᠣᠳᠣᠵᠤ ᠨᠡᠯᠢᠶᠡᠳ ᠰᠢᠷᠲᠡᠭᠰᠡᠨ᠎ᠢᠶᠡᠨ ᠣᠢᠷᠠᠲᠤᠨ ᠣᠴᠢᠭᠠᠳ << ᠬᠤᠶᠠᠭ ᠮᠢᠨᠢ ᠴᠢ ᠠᠮᠢᠳᠤ ᠦᠦ?>> ᠭᠡᠵᠦ ᠲᠠᠭᠤ ᠠᠯᠳᠠᠪᠠ᠃
ᠭᠤᠢᠯᠢᠨᠴᠢᠨ ᠲᠡᠷᠡ ᠲᠠᠭᠤᠨ᠎ᠳᠤ ᠰᠤᠴᠢᠵᠤ ᠬᠠᠷᠠᠭᠠᠳ ᠲᠠᠨᠢᠵᠤ << ᠠᠮᠢᠳᠤ᠎ᠪᠠᠷ ᠪᠠᠷᠠᠬᠤ ᠦᠦ ᠳᠠ᠁ ᠠᠮᠢᠳᠤᠷᠠᠬᠤ ᠭᠡᠵᠦ ᠶᠠᠭᠤᠮ᠎ᠠ ᠭᠤᠶᠤᠭᠠᠳ ᠵᠣᠭᠰᠤᠵᠤ ᠪᠠᠢᠨ᠎ᠠ >> ᠭᠡᠬᠦ ᠳ᠋ᠤᠨᠢ ᠨᠢᠳᠦᠨ᠎ᠠᠴᠠ ᠨᠢ ᠨᠢᠯᠪᠤᠰᠤ ᠲᠤᠰᠤᠯᠠᠬᠤ᠎ᠳᠤ ᠬᠠᠨᠴᠤᠢᠪᠡᠷᠢᠶᠡᠨ ᠠᠷᠴᠢᠭᠠᠳ ᠴᠡᠴᠡᠷᠡᠭᠰᠡᠨ ᠬᠣᠭᠣᠯᠠᠢ᠎ᠪᠠᠷ << ᠴᠢ ᠰᠠᠢᠨ ᠶᠠᠪᠤᠵᠤ ᠪᠠᠢᠨ᠎ᠠ ᠦᠦ?>> ᠭᠡᠯᠡ᠃
ᠬᠣᠶᠠᠷ ᠨᠥᠬᠥᠳ ᠡᠯᠢᠭᠡᠰᠡᠭ ᠲᠣᠳᠣᠨᠤ᠎ᠪᠠᠷ ᠵᠣᠯᠭᠠᠪᠠ᠃ ᠶᠠᠳᠠᠷᠠᠵᠤ ᠶᠠᠪᠤᠭ᠎ᠠ ᠬᠦᠮᠦᠨ᠂ ᠲᠠᠨᠢᠳᠠᠭ ᠬᠦᠮᠦᠨ ᠲᠠᠢ᠎ᠪᠠᠨ ᠠᠭᠤᠯᠵᠠᠬᠤ᠎ᠳᠠᠭᠠᠨ ᠳᠠᠪᠬᠤᠷ ᠪᠠᠶᠠᠷ ᠪᠣᠯᠳᠠᠭ᠃ ᠬᠡᠴᠡᠭᠦᠦ ᠠᠮᠢᠳᠤᠷᠠᠯ᠎ᠳᠤ ᠬᠠᠮᠲᠤ ᠵᠣᠪᠠᠵᠤ ᠲᠠᠨᠢᠯᠴᠠᠭᠰᠠᠨ ᠨᠥᠬᠥᠷ ᠲᠠᠢ᠎ᠪᠠᠨ ᠠᠭᠤᠯᠵᠠᠭᠠᠳ ᠰᠡᠳᠬᠢᠯ ᠳ᠋ᠤᠨᠢ ᠬᠤᠷ᠎ᠠ ᠪᠠᠭᠤᠵᠤ᠂ ᠴᠡᠴᠡᠭ ᠤᠷᠭᠤᠭᠰᠠᠨ ᠬᠤᠶᠠᠭ ᠶᠠᠭᠤ ᠶᠠᠷᠢᠵᠤ᠂ ᠶᠠᠭᠤ ᠠᠰᠠᠭᠤᠬᠤ᠎ᠪᠠᠨ ᠮᠡᠳᠡᠬᠦ ᠦᠭᠡᠢ ᠪᠠᠯᠠᠮᠠᠭᠳᠠᠨ ᠳᠡᠮᠡᠢ ᠯᠡ << ᠵᠠ ᠬᠦ᠂ ᠲᠡᠭᠡᠭᠡᠳ>> ᠭᠡᠵᠦ ᠲᠠᠪᠲᠠᠨᠠ᠃
– ᠴᠢᠮᠠᠶ᠋ᠢ ᠴᠢᠨᠢ ᠦᠬᠦᠭᠰᠡᠨ ᠭᠡᠳ ᠴᠡᠷᠢᠭ᠎ᠦᠨ ᠯᠠᠮᠠ ᠪᠣᠳᠢ᠎ᠶᠢ ᠴᠢᠨᠢ ᠬᠥᠳᠥᠯᠥᠭᠰᠡᠨ ᠭᠡᠵᠦ ᠢᠷᠡᠭᠰᠡᠨ ᠬᠦᠮᠦᠨ ᠬᠡᠯᠡᠪᠡ᠃
– ᠪᠦᠷ ᠲᠡᠢᠮᠦ ᠦᠦ᠁ ᠢᠩᠬᠢᠬᠦ᠎ᠳᠦ ᠨᠥᠭᠦᠭᠡ ᠲᠠᠢᠨ ᠶᠠᠭᠤ ᠪᠣᠯᠣᠭᠰᠠᠨ ᠪᠢᠯᠡ?
– ᠲᠡᠷᠡ ᠲᠤᠬᠠᠢ ᠶᠠᠷᠢᠪᠠᠯ ᠪᠦᠭᠡᠮ ᠲᠡᠦᠬᠡ᠁ ᠡᠪᠦᠭᠡᠨ ᠮᠢᠨᠢ ᠢᠩᠬᠢᠵᠦ ᠵᠣᠭᠢᠰᠤᠭᠠᠳ ᠶᠠᠭᠠᠬᠢᠬᠤᠪ ᠳᠠ᠃ ᠡᠨᠡ ᠱᠤᠤᠬᠢᠶᠠᠨ ᠦᠨᠦᠷ ᠬᠣᠶᠠᠷ᠎ᠡᠴᠡ ᠵᠠᠢᠯᠠᠶ᠎ᠠ᠃
ᠮᠣᠷᠢ᠎ᠪᠠᠨ ᠬᠦᠲᠦᠯᠦᠨ ᠵᠡᠷᠭᠡᠴᠡᠨ ᠶᠠᠪᠤᠵᠤ ᠵᠢᠵᠢᠭᠬᠡᠨ ᠬᠢᠲᠠᠳ ᠳᠡᠯᠭᠡᠭᠦᠷ᠎ᠦᠨ ᠡᠭᠦᠳᠡᠨ᠎ᠤ ᠲᠣᠪᠴᠢᠶᠠᠨ ᠳᠡᠭᠡᠷ᠎ᠡ ᠰᠡᠭᠦᠳᠡᠷ᠎ᠲᠦ ᠲᠠᠪᠠᠲᠠᠢ ᠰᠠᠭᠤᠪᠠ᠃
ᠬᠤᠶᠠᠭ ᠪᠣᠯ ᠰᠠᠢᠳ ᠸᠠᠩ᠎ᠤᠨ ᠬᠤᠰᠢᠭᠤᠨ᠎ᠤ ᠬᠦᠮᠦᠨ᠃ ᠣᠯᠠᠨ᠎ᠠ ᠡᠷᠭᠦᠭᠳᠡᠭᠰᠡᠨᠦ ᠬᠣᠶᠠᠳᠤᠭᠠᠷ ᠤ᠌ᠨᠳᠤ ᠪᠣᠭᠳᠠ ᠵᠢᠪᠵᠤᠨᠳᠠᠮᠪᠠ ᠬᠠᠭᠠᠨ᠎ᠤ ᠴᠡᠷᠢᠭ᠎ᠲᠦ ᠳᠠᠢᠴᠢᠯᠠᠭᠳᠠᠵᠤ ᠬᠠᠷ᠎ᠠ ᠴᠡᠷᠢᠭ᠎ᠤᠨ ᠳᠦᠷᠢᠮᠡᠬᠡᠢᠯᠡᠯᠢ ᠡᠰᠡᠷᠭᠦᠴᠡᠭᠰᠡᠨ ᠡᠮᠦᠨ᠎ᠡ ᠵᠦᠭ᠎ᠦᠨ ᠲᠤᠯᠤᠯᠳᠤᠭᠠᠨ᠎ᠳᠤ ᠬᠠᠳᠠᠨ ᠪᠠᠭᠠᠲᠤᠷ ᠸᠠᠩ ᠮᠠᠭᠰᠤᠷᠵᠠᠪ᠎ᠤᠨ ᠳᠠᠷᠤᠭᠠᠯᠠᠵᠤ ᠶᠠᠪᠤᠭᠰᠠᠨ ᠴᠡᠷᠢᠭ᠎ᠲᠦ ᠶᠠᠪᠤᠵᠠᠢ᠃
ᠠᠷᠭ᠎ᠠ ᠰᠠᠮᠪᠠᠭ᠎ᠠ᠂ ᠵᠣᠷᠢᠭ᠋ ᠲᠡᠭᠦᠯᠳᠡᠷ ᠡᠨᠡ ᠡᠷ᠎ᠡ ᠲᠠᠢᠨ᠎ᠳᠤ ᠰᠠᠢᠨ ᠣᠷᠣᠯᠴᠠᠵᠤ ᠰᠢᠯᠢᠳᠡᠭ ᠴᠡᠷᠢᠭ᠎ᠦᠨ ᠨᠢᠭᠡ ᠪᠣᠯᠪᠠ᠃ ᠬᠤᠶᠠᠭ ᠠᠩᠬ᠎ᠠ ᠪᠣᠭᠳᠠ ᠬᠠᠭᠠᠨ᠎ᠤ ᠴᠡᠷᠢᠭ᠎ᠲᠦ ᠳᠠᠢᠴᠢᠯᠠᠭᠳᠠᠨ ᠢᠷᠡᠬᠦ᠎ᠳᠡᠭᠡᠨ ᠴᠣᠬᠣᠮ ᠶᠠᠭᠠᠬᠢᠬᠤ ᠭᠡᠵᠦ ᠶᠠᠪᠤᠭ᠎ᠠ᠎ᠪᠡᠨ ᠮᠡᠳᠡᠬᠦ ᠦᠭᠡᠢ᠂ ᠥᠶᠢ ᠨᠢ ᠳᠠᠭᠠᠷᠠᠭᠤᠯᠵᠤ ᠪᠠᠢᠭᠠᠳ ᠤᠷᠭᠤᠵᠤ ᠬᠠᠷᠢᠬᠤ ᠪᠤᠳᠤᠯ ᠲᠠᠢ ᠪᠠᠢᠭ᠍ᠰᠠᠨ᠃ ᠭᠡᠲᠡᠯ᠎ᠡ ᠰᠡᠭᠦᠯ᠎ᠳᠡᠭᠡᠨ ᠶᠡᠬᠡ ᠮᠣᠩᠭᠣᠯ᠎ᠤᠨ ᠲᠤᠯᠭᠤᠷ ᠲᠥᠷᠥ᠍᠎ᠶᠢ ᠪᠠᠢᠭᠤᠯᠵᠤ᠂ ᠥᠪᠡᠷ᠎ᠦᠨ ᠡᠵᠡᠨ ᠬᠠᠭᠠᠨ ᠲᠠᠢ ᠲᠤᠰᠠᠭᠠᠷ ᠤᠯᠤᠰ ᠲᠣᠭᠳᠠᠭᠠᠬᠤ᠂ ᠬᠠᠷᠢ᠎ᠶᠢᠨ ᠬᠦᠮᠦᠨ ᠮᠣᠩᠭᠣᠯ ᠬᠦᠮᠦᠨ᠎ᠢ ᠵᠠᠬᠢᠷᠬᠤ ᠶᠤᠰᠤ᠎ᠶᠢ ᠦᠭᠡᠢ ᠪᠣᠯᠭᠠᠬᠤ ᠶᠡᠬᠡ ᠦᠢᠯᠡ᠎ᠳᠦ ᠣᠷᠣᠯᠴᠠᠵᠤ ᠪᠠᠢᠨ᠎ᠠ ᠭᠡᠵᠦ ᠣᠢᠯᠭᠠᠭᠠᠳ ᠰᠡᠳᠬᠢᠯ ᠰᠠᠨᠠᠭ᠎ᠠ ᠨᠢ ᠰᠡᠷᠭᠦᠵᠦ ᠳᠠᠭᠠᠷᠢᠬᠤ ᠴᠡᠷᠢᠭ᠎ᠦᠨ ᠡᠮᠦᠨ᠎ᠡ ᠳᠠᠪᠬᠢᠵᠤ᠂ ᠴᠤᠭ ᠵᠢᠪᠬᠤᠯᠠᠩ ᠨᠢ ᠪᠠᠳᠠᠷᠠᠭᠰᠠᠨ ᠪᠢᠯᠡ᠃
ᠢᠯᠠᠩᠭᠤᠶ᠎ᠠ ᠬᠡᠳᠦᠨ ᠤᠳᠠᠭ᠎ᠠ ᠢᠯᠠᠭᠰᠠᠨᠤ ᠳᠠᠷᠠᠭ᠎ᠠ ᠳᠠᠢᠰᠤᠨ ᠣᠯᠠᠨ ᠪᠣᠯᠪᠠᠴᠤ ᠪᠣᠭᠳᠠ ᠵᠢᠪᠵᠤᠨᠳᠠᠮᠪᠠ᠎ᠶᠢᠨ ᠠᠪᠣᠷᠠᠯ᠂ ᠮᠣᠩᠭᠣᠯ ᠳ᠋ᠠᠬᠢᠨ᠎ᠤ ᠬᠤᠪᠢ ᠵᠠᠶᠠᠭᠠᠪᠠᠷ ᠰᠦᠷ ᠬᠦᠴᠦ ᠨᠢ ᠪᠠᠳᠠᠷᠠᠨ ᠢᠯᠠᠨ᠎ᠠ ᠭᠡᠵᠦ ᠢᠲᠡᠭᠡᠵᠦ ᠪᠠᠢᠯ᠎ᠠ᠃ ᠴᠠᠬᠠᠷ᠎ᠤᠨ ᠨᠢᠭᠡᠨ ᠭᠠᠴᠠᠭᠠᠨ᠎ᠳᠤ ᠪᠠᠢᠭ᠍ᠰᠠᠨ ᠬᠠᠷ᠎ᠠ ᠴᠡᠷᠢᠭ ᠤᠷᠤᠭᠤ ᠤ᠌ᠤ᠌ ᠬᠠᠢ ᠬᠠᠰᠬᠢᠷᠤᠨ ᠳᠠᠭᠠᠷᠢᠵᠤ ᠰᠠᠨᠳᠤᠷᠤᠨ ᠵᠢᠭᠤᠳᠠᠭᠰᠠᠨ ᠴᠡᠷᠢᠭᠦᠳᠢ ᠮᠥᠷᠳᠡᠨ ᠬᠥᠭᠡᠭᠡᠬᠦ ᠦᠶ᠎ᠡ᠎ᠳᠦ ᠭᠠᠢ ᠪᠣᠯᠵᠤ ᠵᠡᠷᠯᠢᠭ ᠰᠣᠮᠣᠨ᠎ᠳᠤ ᠵᠤᠵᠠᠭᠠᠨ ᠭᠤᠶᠠᠪᠠᠷᠢᠶᠠᠨ ᠰᠢᠷᠠᠭᠳᠤᠭᠠᠳ ᠮᠣᠷᠢᠡᠴᠡᠪᠡᠨ ᠤᠨᠠᠵᠤ ᠤᠬᠠᠭᠠᠨ ᠠᠯᠳᠠᠭᠠᠳ ᠬᠣᠵᠢᠮ ᠰᠡᠷᠭᠦᠪᠡᠯ ᠬᠠᠷᠠᠴᠢᠨ ᠠᠢᠯ᠎ᠳᠤ ᠪᠠᠢᠵᠠᠢ᠃ ᠲᠡᠨᠳᠡ ᠰᠠᠷ᠎ᠠ ᠭᠠᠷᠤᠢ ᠬᠡᠪᠳᠠᠵᠦ᠂ ᠡᠳᠡᠭᠡᠷᠡᠭᠡᠳ ᠵᠡᠪᠰᠡᠭ ᠬᠦᠷᠭᠡᠭᠡᠳ ᠪᠣᠴᠠᠵᠤ ᠶᠠᠪᠤᠭᠰᠠᠨ ᠵᠢᠩᠴᠢᠨ ᠲᠠᠢ ᠲᠠᠭᠠᠷᠠᠯᠳᠤᠨ ᠳᠠᠢᠭ᠍ᠳᠠᠵᠤ ᠪᠣᠭᠳᠠ᠎ᠶᠢᠨ ᠬᠦᠷᠢᠶᠡᠨ᠎ᠳᠦ ᠢᠷᠡᠭᠡᠳ ᠴᠡᠷᠢᠭ᠎ᠠᠴᠠ ᠣᠷᠭᠣᠭᠰᠠᠨ ᠶᠠᠯᠠᠳᠠᠨ ᠭᠡᠳ ᠵᠤᠯ ᠲᠠᠢ ᠯᠡ ᠱᠣᠷᠣᠩ᠎ᠳᠤ ᠬᠤᠷᠢᠴᠢᠬᠠᠭᠰᠠᠨ ᠦᠭᠡᠢ᠃ ᠢᠩᠬᠢᠭᠡᠳ ᠪᠤᠭᠳᠠ᠎ᠶᠢᠨ ᠬᠦᠷᠢᠶᠡᠨ᠎ᠦ ᠭᠤᠶᠤᠯᠭᠠᠴᠢᠨᠤ ᠲᠣᠭ᠎ᠠ ᠨᠢᠭᠡ᠎ᠪᠡᠷ ᠥᠰᠴᠦ᠂ ᠪᠠᠭᠠᠲᠤᠷ ᠵᠣᠷᠢᠭ᠍ᠲᠤ ᠡᠷ᠎ᠡ ᠭᠡᠭᠳᠡᠵᠦ ᠪᠠᠢᠭ᠍ᠰᠠᠨ ᠬᠤᠶᠠᠭ ᠲᠠᠶᠢᠭ᠋ ᠲᠤᠯᠤᠭᠰᠠᠨ ᠭᠤᠢᠯᠢᠨᠴᠢᠨ ᠪᠤᠯᠪᠠ᠃
ᠢᠷᠡᠭᠰᠡᠨ ᠬᠦᠮᠦᠨ᠎ᠢ ᠲᠣᠷᠵᠢ ᠭᠡᠳᠡᠭ᠃ ᠯᠤᠤ ᠭᠦᠩ᠎ᠦᠨ ᠬᠢ᠎ᠠᠴᠠ ᠴᠡᠷᠢᠭ᠎ᠲᠦ ᠳᠠᠢᠴᠢᠯᠠᠭᠳᠠᠨ ᠢᠷᠡᠭᠡᠳ ᠣᠢᠷ᠎ᠠ ᠵᠡᠷᠭᠡᠯᠡᠳᠡᠭᠡ ᠬᠣᠰᠢᠭᠤᠨ᠎ᠤ ᠤᠯᠤᠰ ᠭᠡᠵᠦ ᠬᠣᠶᠠᠭ ᠲᠠᠢ ᠲᠣᠳᠣᠨᠤ ᠲᠠᠨᠢᠯᠴᠠᠭᠰᠠᠨ ᠪᠥᠭᠡᠳ ᠬᠤᠶᠠᠭ᠎ᠤᠨ ᠤᠯᠵᠠᠯᠠᠭᠰᠠᠨ ᠰᠣᠮᠣ᠌᠎ᠡᠴᠡ ᠨᠡᠯᠢᠶᠡᠳᠢ ᠬᠦᠷᠲᠡᠭᠰᠡᠨ ᠪᠢᠯᠡ᠃
– ᠵᠠ ᠢᠩᠬᠢᠭᠡᠳ ᠴᠢᠮ᠎ᠠ᠎ᠡᠴᠡ ᠬᠣᠢᠰᠢ ᠪᠢᠳᠡ ᠭᠡᠭᠡᠨ᠎ᠦ ᠠᠪᠤᠷᠠᠯ᠎ᠢᠶᠠᠷ ᠬᠠᠷ᠎ᠠ ᠴᠡᠷᠢᠭ᠎ᠢ ᠬᠢᠶᠠᠷᠠᠲᠠᠯ᠎ᠠ ᠴᠤᠬᠢᠭᠠᠳ ᠵᠠᠷᠢᠮ ᠭᠠᠵᠠᠷ᠎ᠢᠶᠠᠷ ᠬᠡᠷᠡᠮᠳᠦ ᠣᠢᠷᠠᠬᠠᠨ ᠣᠴᠢᠭ᠍ᠰᠠᠨ᠃ ᠶᠡᠷᠦ᠎ᠨᠢ ᠪᠡᠭᠡᠵᠢᠩ᠎ᠦᠨ ᠨᠤᠬᠠᠢ᠎ᠶᠢᠨ ᠳᠠᠭᠤ ᠪᠠᠷᠤᠭ ᠰᠣᠨᠣᠰᠳᠠᠵᠤ ᠪᠠᠢᠭ᠍ᠰᠠᠨ ᠰᠢᠦ᠃ ᠪᠢᠳᠡ ᠨᠣᠮᠣᠬᠠᠨ ᠬᠣᠨᠢ ᠪᠢᠰᠢ᠂ ᠡᠵᠡᠨ ᠴᠢᠩᠭᠢᠰ᠎ᠦᠨ ᠤᠭᠰᠠᠭ᠎ᠠ ᠡᠷᠡᠯᠬᠡᠭ ᠵᠤᠷᠢᠭ᠍ᠲᠤ ᠮᠣᠩᠭᠣᠯ ᠭᠡᠳᠡᠭ᠎ᠢᠶᠡᠨ ᠦᠵᠡᠭᠦᠯᠦᠭᠰᠡᠨ ᠳᠠ᠃
– ᠣᠳᠣ᠌ ᠮᠠᠨ᠎ᠤ ᠴᠡᠷᠢᠭ ᠬᠠᠮᠢᠭ᠎ᠠ ᠬᠦᠷᠦᠭᠡᠳ ᠪᠠᠢᠨ᠎ᠠ?
– ᠨᠤᠲᠤᠭ᠎ᠲᠠᠭᠠᠨ ᠪᠣᠴᠠᠭᠠᠳ ᠢᠷᠡᠭᠰᠡᠨ ᠭᠡᠵᠦ ᠳᠣᠷᠵᠢ ᠣᠷᠮ᠎ᠠ ᠦᠭᠡᠢ ᠬᠡᠯᠡᠪᠡ᠃
– ᠶᠠᠭᠠᠬᠢᠭᠠᠳ ᠲᠡᠷᠡ ᠪᠢᠯᠡ?
– ᠬᠡᠨ ᠮᠡᠳᠡᠬᠦ ᠪᠣᠢ᠃ ᠡᠨᠡ ᠬᠠᠪᠤᠷ ᠯᠡ ᠲᠠᠲᠠᠵᠤ ᠣᠷᠬᠢᠭ᠍ᠰᠠᠨ᠃
1914 ᠣᠨ᠎ᠳᠤ ᠮᠣᠩᠭᠣᠯ ᠤᠯᠤᠰ ᠦᠪᠡᠷ᠎ᠦᠨ ᠴᠡᠷᠢᠭ᠎ᠢ ᠣᠷᠣᠰ ᠤᠯᠤᠰ᠎ᠤᠨ ᠰᠢᠬᠠᠯᠲᠠ᠎ᠪᠠᠷ ᠲᠤᠲᠤᠭᠠᠳᠤ ᠮᠣᠩᠭᠣᠯ᠎ᠤᠨ ᠨᠤᠲᠤᠭ᠎ᠡᠴᠡ ᠲᠠᠲᠠᠭᠰᠠᠨ ᠶᠤᠮ᠃ ᠳᠣᠷᠵᠢ᠎ᠶᠢᠨ ᠪᠠᠢᠭ᠍ᠰᠠᠨ ᠠᠩᠭᠢ ᠬᠠᠷ᠎ᠠ ᠴᠡᠷᠢᠭ ᠲᠠᠢ ᠭᠤᠷᠪᠠᠨ ᠡᠳᠦᠷ ᠥᠷᠭᠦᠯᠵᠢᠯᠡᠨ ᠲᠤᠯᠤᠯᠳᠤᠵᠤ ᠪᠣᠳᠠ ᠴᠣᠬᠢᠭᠠᠳ ᠴᠠᠬᠠᠷ᠎ᠤᠨ ᠨᠢᠭᠡᠨ ᠭᠠᠴᠠᠭᠠᠨ᠎ᠤ ᠳᠡᠷᠭᠡᠲᠡ ᠪᠠᠭᠤᠳᠠᠯᠯᠠᠭᠠᠳ ᠪᠠᠢᠵᠤ ᠪᠢᠯᠡ᠃
ᠤᠲᠤᠭ᠎ᠠ ᠪᠤᠯᠤᠭᠰᠠᠨ ᠤᠷᠠᠩᠬᠠᠢ ᠮᠠᠢᠬᠠᠨᠨᠤᠭᠤᠳᠢᠶᠠᠨ ᠵᠡᠷᠴᠡᠭᠦᠯᠦᠨ ᠰᠢᠭᠠᠵᠤ᠂ ᠲᠤᠭ ᠬᠢᠬᠢᠷᠢ᠎ᠪᠡᠨ ᠪᠣᠰᠬᠠᠨ᠂ ᠠᠭᠲᠠ ᠮᠣᠷᠢᠳ᠎ᠢᠶᠠᠨ ᠲᠠᠯᠪᠢᠵᠤ᠂ ᠮᠠᠨᠠᠭ᠎ᠠ ᠬᠠᠷᠠᠭᠤᠯ᠎ᠢᠶᠠᠨ ᠭᠠᠷᠭᠠᠭᠰᠠᠨ ᠨᠢ ᠢᠯᠠᠭᠰᠠᠨ ᠴᠡᠷᠢᠭ᠎ᠦᠨ ᠰᠦᠷ ᠵᠢᠪᠬᠤᠭ᠎ᠠ ᠲᠠᠢ ᠨᠡᠢᠯᠡᠵᠤ ᠴᠣᠭ ᠬᠡᠢ ᠮᠣᠷᠢ ᠲᠠᠢ ᠬᠠᠷᠠᠭᠳᠠᠵᠤ ᠪᠠᠢᠪᠠ᠃
ᠮᠠᠢᠬᠠᠨᠨᠤᠭᠤᠳᠤᠨ ᠭᠠᠳᠠᠨ᠎ᠠ ᠢᠯᠡ ᠭᠠᠯ ᠲᠦᠯᠡᠵᠦ᠂ ᠵᠠᠷᠢᠮ ᠨᠢ ᠬᠤᠭᠤᠯᠠ ᠣᠮᠳᠠᠭ᠎ᠠ᠎ᠪᠠᠨ ᠬᠢᠵᠦ᠂ ᠵᠠᠷᠢᠮ ᠨᠢ ᠬᠤᠪᠴᠠᠰᠦ ᠬᠤᠨᠠᠷ ᠤᠶᠤᠵᠦ᠂ ᠵᠠᠷᠢᠮ ᠨᠢ ᠪᠦᠭᠡᠰᠦ ᠬᠢᠭᠤᠷᠰᠤ᠎ᠪᠠᠨ ᠠᠷᠢᠯᠭᠠᠵᠤ ᠡᠬᠢᠯᠡᠪᠡ᠃ ᠢᠯᠡ ᠭᠠᠯ᠎ᠤᠨ ᠤᠲᠤᠭ᠎ᠠ ᠬᠠᠮᠠᠷ ᠣᠷᠣᠭᠤ ᠴᠤᠷᠭᠢᠨ᠂ ᠨᠢᠯᠬ᠎ᠠ ᠨᠣᠭᠤᠭ᠎ᠠ ᠠᠮᠠᠰᠴᠤ ᠡᠬᠢᠯᠡᠭᠰᠡᠨ ᠮᠣᠷᠢᠳ ᠨᠢ ᠲᠤᠷᠭᠢᠯᠳᠤᠨ ᠤᠷᠤᠭᠰᠢᠲᠠᠢ ᠶᠠᠪᠤᠭ᠎ᠠ ᠴᠡᠷᠢᠭ᠎ᠦᠨ ᠰᠡᠳᠬᠢᠯ ᠬᠠᠨᠠᠭᠠᠷ ᠰᠠᠢᠬᠠᠨ ᠪᠠᠢᠪᠠ᠃
ᠳᠣᠷᠵᠢ ᠮᠠᠢᠬᠠᠨ᠎ᠤ ᠬᠠᠵᠠᠭᠤ᠎ᠳᠤ ᠰᠠᠭᠤᠵᠤ ᠳᠠᠭᠤᠤ ᠠᠶᠠᠯᠤᠨ ᠳᠠᠪᠡᠯ᠎ᠤᠨ ᠤᠷᠠᠩᠬᠠᠢ᠎ᠶᠢ ᠣᠶᠣᠵᠤ ᠪᠠᠢᠳᠠᠯ᠎ᠠ ᠲᠠᠷᠬᠠᠨ ᠪᠡᠢᠰᠡ᠎ᠶᠢᠨ ᠬᠣᠰᠢᠭᠤᠨ᠎ᠤ ᠨᠢᠭᠡ ᠠᠬᠢᠮᠠᠭ ᠨᠠᠰᠤᠨ᠎ᠤ ᠴᠡᠷᠢᠭ ᠢᠷᠡᠵᠤ ᠳᠡᠷᠭᠡᠲᠡ ᠨᠢ ᠰᠠᠭᠤᠭᠠᠳ ᠰᠢᠭᠤᠳ ᠴᠠᠮᠴᠠ᠎ᠪᠠᠨ ᠲᠠᠢᠯᠵᠤ ᠪᠦᠭᠡᠰᠦ᠎ᠶᠢ ᠨᠢ ᠲᠡᠭᠦᠨ ᠭᠠᠵᠠᠷ ᠠᠮᠢᠳᠤ᠎ᠪᠠᠷ ᠨᠢ ᠬᠠᠶᠠᠯᠠᠪᠠ᠃
– ᠠᠯᠠᠵᠤ ᠢᠳᠡᠬᠦ᠎ᠪᠡᠷ ᠲᠠᠷᠭᠤᠯᠠᠭᠤᠯᠬᠤ ᠭᠡᠵᠦ ᠪᠠᠢᠭ᠎ᠠ ᠪᠢᠰᠢ ᠳᠠ᠃ ᠢᠯᠡ ᠭᠠᠯ ᠳᠡᠭᠡᠷ᠎ᠡ ᠪᠠᠢᠭᠠᠳ ᠰᠢᠲᠠᠭᠠᠵᠤ ᠣᠷᠬᠢᠬᠤ ᠦᠭᠡᠢ ᠶᠠᠭᠤ ᠲᠤᠩ ᠠᠮᠠᠷᠬᠠᠨ ᠰᠠᠯᠳᠠᠭ ᠶᠤᠮ ᠭᠡᠵᠦ ᠳᠣᠷᠵᠢ᠎ᠶᠢᠨ ᠬᠡᠯᠡᠬᠦ᠎ᠳᠦ ᠠᠬᠢᠮᠠᠭ ᠨᠠᠰᠤᠨ᠎ᠤ ᠴᠡᠷᠢᠭ ᠶᠤᠵᠤᠲᠠᠢ ᠢᠨᠢᠶᠡᠮᠰᠦᠭᠯᠡᠭᠰᠡᠨ᠎ᠢᠶᠡᠨ᠄
– ᠮᠣᠩᠭᠣᠯ ᠨᠤᠲᠤᠭ᠎ᠤᠨ ᠮᠢᠨᠢ ᠪᠥᠭᠡᠰᠦ ᠭᠡᠳ ᠲᠡᠭᠦᠬᠦ ᠠᠵᠢᠯ᠎ᠢᠶᠠᠨ ᠠᠵᠢᠭ᠋ ᠦᠭᠡᠢ ᠥᠷᠭᠦᠯᠵᠢᠯᠡᠭᠦᠯᠪᠡ᠃
ᠡᠩᠨᠡᠭᠰᠡᠨ ᠮᠠᠢᠬᠠᠨ᠎ᠤ ᠠᠯᠢ ᠨᠢᠭᠡᠨ ᠳ᠋ᠤᠨᠢ ᠳᠠᠰᠬᠢᠭ᠌ᠰᠡᠨ ᠰᠢᠩᠭᠡᠨ ᠬᠣᠭᠣᠯᠠᠢ᠎ᠪᠠᠷ << ᠵᠠᠭᠤᠨ ᠯᠠᠩ᠎ᠤᠨ ᠵᠢᠷᠤᠭ᠎ᠠ ᠯᠠᠭᠤᠰᠠ᠎ᠶᠢ>> ᠭᠡᠳᠡᠯ᠎ᠡ ᠫᠠᠷᠭᠢᠭ᠍ᠰᠠᠨ ᠪᠦᠳᠦᠭᠦᠨ ᠬᠣᠭᠣᠯᠠᠢ << ᠵᠤᠤᠰᠠᠨ ᠳᠣᠮᠳᠠ᠎ᠪᠠᠨ ᠬᠥᠯᠦᠭᠯᠡᠶᠡ >> ᠭᠡᠵᠦ ᠳᠠᠭᠤᠯᠠᠭᠳᠠᠯᠠ ᠶᠠᠩᠵᠤ ᠪᠦᠷᠢ᠎ᠶᠢᠨ ᠬᠣᠭᠣᠯᠠᠢ᠎ᠪᠠᠷ << ᠵᠢᠷᠤᠭ ᠪᠤᠯᠤᠭᠰᠠᠨ ᠪᠣᠭᠳᠠ ᠯᠠᠮᠠ᠎ᠶᠢ᠂ ᠵᠤᠩᠬᠠᠪᠠᠶᠢᠨ ᠰᠢᠷᠡᠭᠡᠨ᠎ᠳᠦ ᠵᠠᠯᠠᠶ᠎ᠠ ᠳᠠ ᠬᠦᠢ >> ᠭᠡᠳ ᠥᠷᠭᠦᠯᠵᠢᠯᠡᠭᠦᠯᠦᠨ ᠳᠠᠭᠤᠯᠠᠪᠠ᠃ ᠳᠣᠷᠵᠢ᠂ ᠠᠬᠢᠮᠠᠭ ᠨᠠᠰᠤᠨ᠎ᠤ ᠴᠡᠷᠢᠭ ᠬᠣᠶᠠᠷ ᠴᠤ᠌ ᠨᠠᠮᠤᠭᠤᠬᠠᠨ᠎ᠢᠶᠠᠷ ᠣᠯᠠᠨ᠎ᠢ ᠠᠶᠠᠯᠲᠠᠨ ᠳᠠᠭᠤᠯᠠᠵᠠᠢ᠃
– ᠡᠨᠡ ᠳᠠᠢᠨ ᠬᠡᠵᠢᠶ᠎ᠡ ᠳᠠᠭᠤᠰᠬᠤ ᠪᠤᠯ? ᠭᠡᠵᠦ ᠠᠬᠢᠮᠠᠭ ᠨᠠᠰᠤᠨ᠎ᠤ ᠴᠡᠷᠢᠭ ᠳᠠᠭᠤᠤ᠎ᠶᠢᠨ ᠬᠤᠶᠠᠷ ᠪᠠᠳᠠᠭ᠎ᠤᠨ ᠳᠣᠮᠳᠠᠭᠤᠷ ᠠᠰᠠᠭᠤᠪᠠ᠃
– ᠳᠠᠯᠳᠠ᠎ᠶᠢ ᠮᠡᠳᠡᠳᠡᠭ ᠳᠠᠯᠠᠢ ᠯᠠᠮᠠ ᠳᠠᠯᠠᠨ ᠬᠣᠶᠠᠷ ᠵᠢᠯᠠᠭ᠎ᠠ᠎ᠶᠢ ᠨᠡᠪᠲᠡ ᠬᠠᠷᠠᠳᠠᠭ ᠬᠠᠷ᠎ᠠ ᠬᠡᠷᠢᠶ᠎ᠡ ᠪᠢᠰᠢ᠂ ᠪᠢ ᠶᠠᠭᠠᠬᠢᠵᠤ ᠮᠡᠳᠡᠳᠡᠭ ᠶᠤᠮ ᠪᠤᠢ? ᠭᠡᠵᠦ ᠳᠣᠷᠵᠢ ᠬᠠᠷᠢᠭᠤᠯᠪᠠ᠃
ᠠᠬᠢᠮᠠᠭ ᠨᠠᠰᠤᠨ᠎ᠤ ᠴᠡᠷᠢᠭ ᠭᠡᠰᠡᠭ ᠳᠠᠭᠤ ᠦᠭᠡᠢ ᠪᠣᠳᠣᠯ ᠪᠣᠯᠤᠨ ᠰᠠᠭᠤᠭᠰᠠᠨ᠎ᠢᠶᠠᠨ ᠰᠠᠨᠠᠭ᠎ᠠ ᠠᠯᠳᠠᠭᠠᠳ << ᠡᠨᠡ ᠬᠠᠷ᠎ᠠ ᠰᠢᠷᠭᠤᠯᠵᠢ ᠰᠢᠭ᠋ ᠬᠠᠷ᠎ᠠ ᠴᠡᠷᠢᠭ᠎ᠢ ᠨᠡᠪᠲᠡᠯᠦᠨ᠎ᠡ ᠭᠡᠳᠡᠭ ᠴᠤ᠌ ᠳᠠ >> ᠭᠡᠯᠡ᠃
– ᠲᠡᠦᠬᠡ ᠶᠠᠷᠢᠪᠠᠯ ᠡᠵᠡᠨ ᠴᠢᠩᠭᠢᠰ ᠪᠠᠢᠨ᠎ᠠ᠃ ᠳᠠᠭᠠᠭᠠᠵᠤ ᠪᠠᠢᠭ᠎ᠠ ᠰᠠᠬᠢᠭᠤᠰᠤ᠎ᠶᠢ ᠬᠡᠯᠡᠯᠴᠡᠪᠡᠯ ᠠᠮᠢᠲᠠᠨ᠎ᠢ ᠵᠢᠷᠭᠠᠭᠤᠯᠤᠭ᠍ᠴᠢ ᠸᠴᠢᠷ ᠳ᠋ᠠᠷ᠎ᠠ᠎ᠶᠢᠨ ᠬᠤᠪᠢᠯᠭᠠᠨ ᠪᠣᠭᠳᠠ ᠭᠡᠭᠡᠨ᠂ ᠤᠷᠤᠢᠯᠠᠵᠤ ᠶᠠᠪᠤᠭ᠎ᠠ ᠵᠠᠩᠵᠦᠨᠢ ᠶᠠᠷᠢᠪᠠᠯ ᠬᠠᠳᠠᠨ ᠪᠠᠭᠠᠳᠤᠷ ᠬᠤᠢᠨ᠎ᠠ ᠪᠤᠯᠬᠣ᠌ ᠯᠡ ᠪᠠᠢᠬ᠎ᠠ ᠳᠠ᠃
– ᠰᠠᠶᠢ᠎ᠶᠢᠨ ᠳᠠᠢᠨ᠎ᠢ ᠤᠳᠤᠷᠢᠳᠴᠦ ᠪᠠᠢᠬᠤ ᠳ᠋ᠤᠨᠢ ᠵᠠᠩᠵᠤᠨ᠎ᠤ ᠨᠢᠭᠤᠷ ᠨᠢ ᠮᠠᠯᠠᠭᠠᠢ᠎ᠶᠢᠨ᠎ᠢᠶᠡᠨ ᠰᠠᠭᠠᠯᠲᠤᠷᠭᠠᠨᠳᠤ ᠪᠠᠭᠲᠠᠬᠤ ᠦᠭᠡᠢ ᠪᠤᠯᠤᠭᠠᠳ ᠠᠮᠠ᠎ᠡᠴᠡ ᠨᠢ ᠤᠯᠠᠭᠠᠨ ᠬᠦᠭᠡᠰᠦ ᠴᠢᠬᠠᠷᠡᠵᠤ ᠪᠠᠢᠭ᠍ᠰᠠᠨ ᠭᠡᠳᠡᠭ ᠰᠢᠦ᠃
– ᠠᠷᠭ᠎ᠠ ᠦᠭᠡᠢ ᠰᠢᠦ ᠳᠠ᠃ ᠪᠡᠶ᠎ᠡ᠎ᠪᠡᠷ᠎ᠢᠶᠡᠨ ᠤᠯᠠᠭᠠᠨ ᠰᠠᠬᠢᠭᠤᠯᠰᠤᠨ ᠶᠤᠮ ᠴᠢᠨᠢ ᠭᠡᠵᠦ ᠳᠣᠷᠵᠢ ᠮᠡᠳᠡᠮᠡᠭᠡᠢ ᠬᠠᠷᠢᠭᠤᠯᠪᠠ᠃
ᠮᠠᠨᠠᠢ ᠬᠣᠶᠠᠷ᠎ᠤᠨ ᠶᠠᠷᠢᠶ᠎ᠠ ᠲᠦᠷ ᠵᠤᠭᠰᠤᠪᠠ᠃ ᠳᠠᠭᠤ ᠰᠤᠯᠢᠭ᠍ᠳᠠᠵᠤ ᠴᠡᠭᠡᠯᠭᠡᠨ ᠰᠠᠢᠬᠠᠨ ᠬᠤᠭᠤᠯᠠᠢ ᠲᠠᠢ ᠬᠦᠮᠦᠨ << ᠡᠷ᠎ᠡ ᠪᠤᠷᠤ ᠬᠠᠷᠴᠠᠭᠠᠢ>>ᠶᠢ ᠰᠡᠳᠬᠢᠯ ᠳᠣᠭᠳᠣᠯᠤᠮ᠎ᠠ ᠳᠠᠭᠤᠯᠠᠪᠠ᠃
– ᠭᠡᠷ᠎ᠲᠡᠬᠡᠨ ᠬᠠᠷᠢᠭᠠᠳ ᠬᠠᠯᠠᠭᠠᠭᠰᠠᠨ ᠠᠷᠠᠵᠠ ᠲᠠᠭᠱᠠ᠎ᠶᠢ ᠤᠤᠴᠢᠬᠠᠭᠠᠳ᠂ ᠡᠬᠡᠨᠡᠷ᠎ᠦᠨ᠎ᠢᠶᠡᠨ ᠲᠡᠪᠡᠯᠢ ᠨᠥᠮᠦᠷᠴᠢᠬᠡᠭᠡᠳ ᠬᠤᠲᠠᠨᠤᠪᠠᠨ ᠵᠠᠬ᠎ᠠ᠎ᠳᠤ ᠵᠣᠭᠰᠤᠵᠤ ᠪᠠᠢᠬᠤ ᠶᠤᠮᠰᠠᠨ ᠭᠡᠵᠦ ᠨᠥᠭᠦᠭᠡ ᠴᠡᠷᠢᠭ ᠨᠢᠳᠦ᠎ᠪᠠᠨ ᠭᠢᠯᠠᠯᠵᠠᠭᠤᠯᠤᠨ ᠨᠢᠭᠤᠷ ᠳᠦᠭᠦᠷᠡᠩ ᠪᠠᠶᠠᠷ ᠲᠣᠳᠣᠷᠠᠭᠤᠯᠵᠤ ᠪᠠᠢᠭᠠᠳ ᠶᠠᠷᠢᠯ᠎ᠠ᠃
– ᠮᠠᠨᠠᠢ ᠡᠷ᠎ᠡ ᠡᠬᠡᠨᠡᠷ᠎ᠢᠶᠡᠨ ᠰᠠᠨᠠᠵᠤ ᠳᠠ ᠭᠡᠳ ᠳᠣᠷᠵᠢ ᠬᠦᠭᠵᠢᠯᠲᠡᠢ ᠢᠨᠢᠶᠡᠪᠡ᠃ ᠠᠶᠤᠬᠤ ᠦᠭᠡᠢ ᠴᠤ᠌ ᠭᠡᠰᠡᠨ ᠠᠶ᠎ᠠ ᠦᠭᠡᠢ ᠭᠡᠭᠴᠢ᠎ᠪᠡᠷ ᠮᠠᠭᠤ ᠵᠤᠯᠢᠭ᠋ ᠴᠢᠨᠢ ᠰᠡᠳᠬᠢᠯ᠎ᠳᠦ ᠣᠷᠣᠭᠠᠳ ᠯᠡ ᠪᠠᠢᠬᠤ ᠶᠤᠮ ᠭᠡᠵᠦ ᠴᠡᠷᠢᠭ ᠭᠡᠨᠡᠨ ᠴᠠᠭᠠᠨ ᠰᠡᠳᠬᠢᠯ᠎ᠢᠶᠡᠷ ᠬᠡᠯᠡᠪᠡ᠃
– ᠪᠢ ᠴᠤ᠌ ᠭᠡᠰᠡᠨ ᠭᠠᠭᠴᠠ ᠮᠠᠭᠤ ᠡᠬᠡ᠎ᠪᠠᠨ ᠣᠷᠬᠢᠭᠠᠳ ᠢᠷᠡᠭᠰᠡᠨ ᠶᠤᠮᠰᠠᠨ᠃ ᠶᠠᠭᠠᠬᠢᠵᠤ ᠶᠠᠪᠤᠳᠠᠭ ᠪᠤᠯ ᠳᠠ ᠭᠡᠳ ᠳᠤᠷᠵᠢ ᠣᠲᠡᠰᠤᠪᠠᠨ ᠰᠢᠳᠦᠪᠠᠷᠢᠶᠠᠨ ᠲᠠᠰᠬᠢᠳᠠᠯᠠ ᠲᠠᠰᠤᠯᠤᠭᠠᠳ ᠭᠠᠵᠠᠷ ᠤᠷᠤᠭᠤ ᠴᠢᠭᠯᠡᠭᠰᠡᠨ ᠶᠠᠭᠤᠮ᠎ᠠ ᠦᠭᠡᠢ ᠰᠢᠷᠳᠡᠪᠡ᠃
– ᠵᠠ ᠲᠡᠷᠡ ᠴᠤ᠌ ᠶᠠᠭᠠᠬᠢᠪ᠃ ᠡᠬᠢᠯᠡᠭᠰᠡᠨ ᠬᠤᠢᠨ᠎ᠠ᠎ᠪᠠᠨ ᠳᠠᠭᠤᠰᠬᠤ ᠯᠡ ᠪᠠᠢᠬ᠎ᠠ ᠭᠡᠳ ᠴᠡᠷᠢᠭ ᠰᠠᠨᠠᠭ᠎ᠠ ᠠᠯᠳᠠᠭᠰᠠᠨ᠎ᠢᠶᠠᠨ᠂ << ᠴᠢᠮ᠎ᠠ᠎ᠳᠤ ᠱᠦᠭᠦᠷ ᠪᠠᠢᠨ᠎ᠠ ᠦᠦ? ᠡᠨᠡ ᠬᠡᠳᠦᠨ ᠬᠢᠭᠤᠷᠰᠤᠨᠤ ᠰᠦᠷᠦᠭ ᠭᠠᠵᠠᠷ ᠰᠠᠢ ᠦᠭᠡᠢ ᠡᠭᠦᠷᠯᠡᠴᠢᠬᠡᠭᠡᠳ ᠪᠡᠯᠴᠢᠵᠦ ᠶᠠᠪᠤᠳᠠᠭ ᠪᠤᠯᠤᠯ᠎ᠠ >> ᠭᠡᠯᠡ᠃
ᠳᠣᠷᠵᠢ ᠨᠠᠷᠢᠨ ᠬᠤᠯᠤᠰᠤᠨ ᠱᠦᠭᠦᠷ᠎ᠢᠶᠡᠨ ᠭᠠᠷᠭᠠᠵᠤ ᠦᠭᠭᠦᠯ᠎ᠡ᠃ ᠴᠡᠷᠢᠭ ᠠᠪᠴᠤ ᠦᠰᠦ᠎ᠪᠡᠨ ᠰᠠᠮᠨᠠᠬᠤ ᠵᠠᠭᠤᠷ᠎ᠠ ᠳᠣᠷᠵᠢ᠎ᠶᠢᠨ ᠵᠥᠪ ᠲᠠᠯ᠎ᠠ᠎ᠶᠢᠨ ᠤᠷᠢᠳᠤᠬᠢ ᠭᠠᠨᠵᠤᠭᠠᠨ᠎ᠡᠴᠡ ᠶᠠᠭᠰᠢᠳᠠᠯᠠ ᠤᠶᠠᠭᠰᠠᠨ ᠪᠤᠷᠤ ᠬᠡᠦᠳᠠᠢ ᠲᠠᠢ ᠶᠠᠭᠤᠮ᠎ᠠ᠎ᠶᠢ ᠬᠠᠷᠠᠯ᠎ᠠ᠃
– ᠲᠡᠷᠡ ᠶᠠᠭᠤ ᠪᠤᠢ?
– ᠠᠯᠢ?
– ᠴᠢᠨᠦ ᠭᠠᠨᠵᠤᠭᠠᠨ᠎ᠳᠤ ᠪᠠᠢᠭ᠎ᠠ ᠪᠤᠷᠤ ᠬᠡᠦᠳᠠᠢ ᠲᠠᠢ᠃
– ᠠ ᠲᠡᠷᠡ ᠦᠦ᠂ ᠴᠠᠭᠠᠨ ᠮᠥᠭᠥ᠃
– ᠲᠡᠭᠦᠨ᠎ᠢᠶᠠᠷ ᠶᠠᠭᠠᠬᠢᠵᠤ ᠨᠢ ᠪᠤᠢ?
– ᠴᠢᠮ᠎ᠠ᠎ᠳᠤ ᠪᠠᠢᠬᠤ ᠦᠭᠡᠢ ᠭᠡᠵᠢ ᠦᠦ? ᠭᠡᠳ ᠳᠣᠷᠵᠢ ᠨᠦᠬᠦᠷ᠎ᠢ᠎ᠪᠡᠨ ᠤᠷᠢᠳᠤ ᠡᠮᠦᠨ᠎ᠡ ᠦᠵᠡᠭᠡ ᠦᠭᠡᠢ ᠰᠤᠨᠠᠢᠨ ᠶᠠᠭᠤᠮ᠎ᠠ ᠬᠠᠷᠠᠵᠤ ᠪᠠᠢᠭ᠎ᠠ ᠨᠢᠳᠦ᠎ᠪᠡᠷ ᠭᠠᠢᠬᠠᠨ ᠬᠠᠷᠠᠭᠰᠠᠨ᠎ᠢᠶᠠᠨ << ᠬᠠᠯᠠᠭᠤᠨ᠎ᠤ ᠭᠠᠵᠠᠷ ᠭᠠᠭᠴᠠ ᠭᠡᠷᠡᠭ ᠪᠤᠯᠳᠠᠭ ᠶᠠᠭᠤᠮ᠎ᠠ ᠴᠢᠨᠢ ᠡᠨᠡ ᠪᠠᠢᠬᠤ ᠦᠭᠡᠢ ᠦᠦ᠃ ᠬᠤᠳᠠᠯᠳᠤᠪᠠᠯ ᠮᠥᠩᠬᠦ᠂ ᠤᠤᠭᠤᠪᠠᠯ ᠡᠮ ᠰᠢᠦ ᠳᠠ >> ᠭᠡᠵᠦ ᠶᠡᠬᠡ ᠯᠡ ᠮᠡᠳᠡᠮᠡᠬᠡᠢ ᠬᠡᠯᠡᠵᠠᠢ᠃
– ᠲᠡᠢᠮᠦ ᠬᠡᠷᠡᠭ ᠲᠠᠢ ᠶᠤᠮ ᠪᠤᠯ ᠨᠠᠳᠠ ᠵᠢᠭᠠᠬᠠᠨ ᠦᠭᠭᠦᠭᠡᠴᠢ᠃
– ᠪᠠᠭ᠎ᠠ ᠪᠤᠯ ᠪᠤᠯᠤᠨ᠎ᠠ᠃ ᠭᠡᠬᠦ᠎ᠳᠡᠭᠡᠨ ᠰᠤᠮᠤ᠎ᠪᠠᠷ ᠰᠤᠯᠢᠨ᠎ᠠ᠃
ᠠᠬᠢᠮᠠᠭ ᠨᠠᠰᠤᠨ᠎ᠤ ᠴᠡᠷᠢᠭ ᠪᠤᠳᠤᠯ ᠪᠤᠯᠤᠨ ᠳᠠᠭᠤ ᠦᠭᠡᠢ ᠪᠤᠯᠪᠠ᠃ ᠭᠡᠳᠡᠯ᠎ᠡ ᠢᠮᠠᠭᠠᠨ ᠪᠦᠷᠢᠶ᠎ᠡ ᠵᠢᠩᠬᠢᠨᠡᠨ ᠳᠤᠤᠭᠠᠷᠪᠠ᠃ ᠮᠠᠨᠠᠢ ᠬᠣᠶᠠᠷ ᠤᠭᠯᠤ ᠦᠰᠦᠷᠦᠨ ᠪᠤᠰᠴᠦ᠂ ᠲᠤᠰ ᠲᠤᠰ᠎ᠤᠨ᠎ᠢᠶᠠᠨ ᠮᠠᠢᠬᠠᠨ ᠤᠷᠤᠭᠤ ᠭᠦᠶᠦᠨ ᠤᠷᠤᠵᠤ ᠫᠤᠤ ᠵᠡᠪᠰᠡᠭ᠎ᠢᠶᠡᠨ ᠵᠠᠭᠦᠨ ᠠᠷᠪᠠᠲᠦᠶᠢᠨᠢᠶᠡᠨ ᠵᠢᠭ᠍ᠰᠠᠭᠠᠯ᠎ᠳᠤ ᠣᠷᠣᠪᠠ᠃ ᠪᠦᠬᠦ ᠴᠡᠷᠢᠭ ᠬᠡᠳᠦᠨ ᠡᠩᠨᠡᠭᠡ ᠪᠤᠯᠤᠨ ᠵᠢᠭ᠍ᠰᠠᠵᠤ᠂ ᠵᠠᠩᠭᠢ᠂ ᠵᠠᠬᠢᠷᠤᠭ᠍ᠴᠢ ᠨᠠᠷ ᠡᠮᠦᠨ᠎ᠡ ᠨᠢ ᠵᠣᠭᠰᠤᠭᠰᠠᠨᠢ ᠬᠠᠷᠠᠪᠠᠯ ᠶᠠᠮᠠᠷ ᠨᠢᠭᠡᠨ ᠶᠡᠬᠡ ᠬᠦᠮᠦᠨ ᠢᠷᠡᠬᠦ᠎ᠶᠢ ᠬᠦᠯᠢᠶᠡᠵᠡᠢ᠃
ᠵᠢᠭ᠍ᠰᠠᠭᠠᠭᠰᠠᠨ ᠴᠡᠷᠢᠭ᠎ᠦᠨ ᠪᠠᠷᠠᠭᠤᠨ ᠭᠠᠷ᠎ᠡᠴᠡ ᠲᠠᠪᠤᠨ ᠮᠣᠷᠢ ᠲᠠᠢ ᠬᠦᠮᠦᠨ ᠬᠠᠲᠠᠷᠢᠭᠤᠯᠤᠨ ᠲᠠᠪᠬᠢᠵᠤ ᠢᠷᠡᠯ᠎ᠡ᠃ ᠲᠡᠳᠡᠨ᠎ᠤ ᠲᠦᠷᠦᠭᠦᠨ᠎ᠳᠦ ᠤᠯᠠᠭᠠᠨ ᠬᠡᠯᠡ ᠲᠠᠢ ᠬᠤᠳᠠᠷᠭ᠎ᠠ ᠬᠦᠮᠦᠯᠳᠦᠷᠭᠡ ᠲᠠᠢ ᠦᠨᠳᠦᠷ ᠪᠤᠷᠤ ᠮᠣᠷᠢ ᠤᠨᠤᠭᠰᠠᠨ ᠬᠠᠳᠠᠨ ᠪᠠᠭᠠᠲᠤᠷ ᠮᠠᠭᠰᠤᠷᠵᠠᠪ ᠶᠠᠪᠤᠬᠤ ᠪᠦᠭᠡᠳ ᠮᠣᠷᠢᠨ ᠳᠡᠭᠡᠷ᠎ᠡ ᠶᠠᠪᠤᠬᠤ ᠳ᠋ᠤᠨᠢ ᠪᠦᠳᠦᠭᠦᠨ ᠬᠠᠷ᠎ᠠ ᠭᠡᠵᠢᠭᠡ ᠨᠢ ᠬᠤᠶᠠᠷ ᠲᠡᠰᠢ᠎ᠪᠠᠨ ᠰᠠᠴᠤᠯᠠᠨ ᠬᠠᠶᠠᠵᠤ᠂ ᠤᠳᠤᠭ᠎ᠠ ᠨᠢ ᠰᠠᠭᠰᠠᠯᠵᠠᠨ ᠰᠦᠷᠲᠡᠶᠠ ᠬᠠᠷᠠᠭᠳᠠᠨ᠎ᠠ᠃
ᠲᠡᠤᠬᠡ᠎ᠶᠢᠨ ᠴᠠᠭ ᠦᠶ᠎ᠡ ᠬᠡᠷᠡᠭ ᠲᠠᠢ ᠬᠥᠮᠥᠨ᠎ᠢᠶᠡᠨ ᠪᠣᠢᠵᠢᠭᠤᠯᠳᠠᠭ᠃ ᠮᠣᠩᠭᠣᠯ᠎ᠤᠨ ᠠᠷᠠᠳ ᠲᠦᠮᠡᠨ ᠮᠠᠨᠵᠦ᠎ᠶᠢᠨ ᠨᠤᠶᠠᠷᠬᠠᠯᠢ ᠡᠰᠡᠷᠬᠦᠴᠡᠭᠰᠡᠨ ᠤᠯᠠᠨ ᠵᠠᠭᠤᠨ ᠵᠢᠯ᠎ᠦᠨ ᠲᠡᠮᠡᠴᠡᠯ᠎ᠦᠨ ᠰᠡᠭᠦᠯᠴᠢ᠎ᠶᠢᠨ ᠰᠢᠢᠳᠪᠦᠷᠢᠯᠡᠬᠦ ᠦᠶ᠎ᠡ᠎ᠳᠦ ᠲᠥᠷᠦᠵᠦ ᠭᠠᠷᠤᠭᠰᠠᠨ ᠶᠡᠬᠡ ᠬᠥᠮᠥᠰ᠎ᠦᠨ ᠨᠢᠭᠡ ᠪᠤᠯ ᠬᠠᠳᠠᠨ ᠪᠠᠭᠠᠲᠤᠷ ᠮᠠᠭᠰᠤᠷᠵᠠᠪ ᠪᠠᠢᠵᠤ ᠪᠢᠯᠡ᠃
ᠴᠢᠳᠬᠤᠮᠠᠯ ᠬᠦᠷᠡᠯ ᠰᠢᠭ᠌ ᠭᠢᠯᠠᠯᠵᠠᠭᠰᠠᠨ ᠬᠦᠷᠡᠩ ᠴᠢᠷᠠᠢ ᠲᠠᠢ᠂ ᠥᠷᠭᠡᠨ ᠴᠡᠭᠡᠵᠢ᠂ ᠳᠣᠳᠤ ᠮᠠᠩᠨᠠᠢ ᠲᠠᠢ ᠡᠨᠡ ᠬᠦᠮᠦᠨ ᠮᠠᠨᠵᠤ᠎ᠡᠴᠡ ᠲᠤᠰᠠᠭᠠᠷᠯᠠᠬᠤ ᠲᠡᠮᠡᠴᠡᠯ᠎ᠦᠨ ᠲᠡᠷᠢᠭᠦᠨ᠎ᠳᠦ ᠶᠠᠪᠦᠵᠤ᠂ ᠶᠠᠪᠤᠭᠰᠠᠨ ᠭᠠᠵᠠᠷ ᠪᠦᠭᠦᠨ ᠨᠢ ᠢᠯᠠᠯᠲᠠ᠎ᠪᠠᠷ ᠲᠤᠶᠠᠭᠠᠷᠠᠵᠤ ᠪᠠᠢᠵᠠᠢ᠃
ᠸᠠᠩ᠎ᠤᠨ ᠵᠡᠷᠭᠡ ᠵᠠᠯᠭᠠᠵᠤ᠂ ᠬᠣᠰᠢᠭᠤ ᠨᠣᠶᠠᠨ ᠪᠤᠯᠤᠭᠰᠠᠨ ᠪᠦᠭᠡᠳ ᠮᠣᠩᠭᠣᠯ᠎ᠤᠨ ᠠᠷᠠᠳ ᠲᠦᠮᠡᠨ᠎ᠢ ᠪᠣᠭᠣᠯᠴᠢᠯᠠᠨ ᠰᠠᠭᠤᠬᠤ ᠦᠶ᠎ᠡ᠎ᠪᠡᠨ ᠳᠠᠭᠤᠰᠤᠭᠰᠠᠨ᠎ᠢ ᠤᠢᠯᠭᠠᠵᠤ᠂ ᠡᠪᠢᠶᠡᠷ ᠨᠤᠲᠤᠭ᠎ᠲᠠᠭᠠᠨ ᠪᠤᠴᠠᠬᠤ ᠱᠠᠭᠠᠷᠳᠠᠯᠭ᠎ᠠ᠎ᠶᠢ ᠬᠦᠯᠢᠶᠡᠵᠦ ᠠᠪᠤᠯ ᠦᠭᠡᠢ ᠡᠰᠡᠷᠭᠦᠴᠡᠭᠰᠡᠨ ᠬᠤᠪᠲᠣ᠌ᠶᠢᠨ ᠠᠮᠪᠠ᠎ᠨᠢ ᠵᠡᠪᠰᠡᠭ᠎ᠦᠨ ᠬᠦᠴᠦ᠎ᠪᠡᠷ ᠲᠣᠨᠢᠯᠭᠠᠬᠤ ᠲᠡᠮᠡᠴᠡᠯ᠎ᠢ ᠬᠠᠳᠠᠨ ᠪᠠᠭᠠᠲᠤᠷ ᠸᠠᠩ ᠮᠠᠭᠰᠤᠷᠵᠠᠪ ᠤᠳᠤᠷᠢᠳᠤᠭᠰᠠᠨ ᠪᠢᠯᠡ᠃
ᠳᠠᠢᠰᠤᠨ᠎ᠢ ᠴᠤᠬᠢᠵᠤ ᠲᠤᠯᠤᠯᠳᠤᠭᠠᠨᠢ ᠬᠤᠨᠵᠢᠬᠤ᠎ᠳᠦ ᠵᠡᠪᠰᠡᠭ ᠪᠠᠷᠢᠭ᠍ᠰᠠᠨ ᠴᠡᠷᠢᠭ ᠭᠣᠣᠯ ᠬᠦᠴᠦ ᠭᠡᠵᠦ ᠪᠠᠲᠤ ᠢᠳᠡᠭᠡᠭᠰᠡᠨ ᠡᠨᠡ ᠬᠦᠮᠦᠨ ᠴᠡᠷᠢᠭ᠎ᠦᠨ ᠰᠡᠳᠬᠢᠯ᠎ᠢ ᠢᠮᠠᠭᠲᠠ ᠵᠠᠰᠠᠵᠤ᠂ ᠴᠡᠷᠢᠭ᠎ᠢ ᠦᠪᠡᠷᠲᠡᠬᠡᠨ ᠲᠠᠲᠠᠬᠤ᠎ᠶᠢᠨ ᠲᠤᠯᠠ ᠪᠦᠬᠦᠨ᠎ᠢ ᠬᠢᠳᠡᠭ᠃ ᠴᠡᠷᠢᠭᠦᠳ᠎ᠢᠶᠡᠨ ᠦᠷᠬᠦᠯᠵᠢ ᠠᠩᠬᠠᠷᠴᠤ᠂ ᠲᠡᠳᠡᠨ᠎ᠳᠦ ᠣᠨᠠᠭᠰᠠᠨ ᠭᠠᠵᠠᠷ ᠤᠭᠢᠶᠠᠭᠰᠠᠨ ᠤᠰᠤ ᠨᠢ ᠶᠠᠭᠤ ᠶᠤᠮ ᠪᠤᠢ᠂ ᠶᠠᠭᠠᠬᠢᠬᠤ ᠭᠡᠵᠦ ᠪᠠᠢᠭ᠎ᠠ᠎ᠶᠢ ᠶᠠᠷᠢᠵᠤ᠂ ᠲᠡᠳᠡᠨ᠎ᠦ ᠰᠦᠰᠦᠭ ᠪᠢᠰᠢᠷᠡᠯ᠎ᠢ ᠠᠰᠢᠭ᠍ᠯᠠᠨ᠂ ᠦᠪᠡᠷ᠎ᠢᠶᠡᠨ ᠴᠣᠢᠵᠤᠩ ᠪᠤᠯᠬᠤ ᠵᠡᠷᠭᠡ ᠣᠯᠠᠨ ᠠᠷᠭ᠎ᠠ᠎ᠶᠢ ᠬᠡᠷᠡᠭᠯᠡᠨ ᠴᠡᠷᠢᠭ᠎ᠦᠨ ᠳᠣᠲᠣᠷ᠎ᠠ ᠦᠯᠡᠮᠵᠢ ᠠᠯᠳᠠᠷ ᠬᠦᠨᠳᠦ᠎ᠶᠢ ᠤᠯᠤᠭᠠᠳ ᠲᠡᠳᠡᠨ᠎ᠦ ᠭᠦᠨ ᠬᠠᠢᠷ᠎ᠠ᠂ ᠪᠠᠲᠦ ᠢᠲᠡᠭᠡᠯ᠎ᠢ ᠲᠠᠲᠠᠵᠠᠢ᠃ ᠮᠠᠭᠰᠠᠷᠵᠠᠪᠢ ᠴᠡᠷᠢᠭᠦᠳ ᠨᠢ ᠪᠠᠭ᠍ᠰᠢ ᠭᠡᠵᠤ ᠨᠡᠷᠡᠯᠡᠬᠦ ᠪᠦᠭᠡᠳ ᠲᠡᠭᠦᠨ᠎ᠦ ᠶᠡᠷᠦ ᠪᠤᠰᠤ᠎ᠶᠢᠨ ᠬᠦᠴᠦᠨ᠎ᠳᠦ ᠡᠷᠡᠭᠡᠯᠵᠡᠭᠡ ᠦᠭᠡᠢ ᠢᠳᠡᠭᠡᠭᠰᠡᠨ᠎ᠢᠶᠡᠨ᠂ << ᠪᠠᠭᠠᠳᠤᠷ ᠪᠠᠭ᠍ᠰᠢ ᠲᠠᠢ ᠶᠠᠪᠤᠭᠰᠠᠨ ᠴᠠᠭ᠎ᠲᠤ ᠵᠠᠶᠠᠭ᠎ᠠ ᠤᠷᠬᠢᠵᠦ᠂ ᠤᠳᠣ᠌ ᠬᠠᠷᠪᠤᠨ᠂ ᠱᠤᠤ ᠴᠠᠢᠭᠠ ᠦᠭᠡᠢ ᠶᠤᠮ ᠪᠤᠯ ᠠᠯᠵᠠᠬᠤ ᠦᠭᠡᠢ᠃ ᠢᠷᠡᠭᠰᠡᠨ ᠰᠤᠮᠤ᠂ ᠳᠠᠯᠠᠢᠭ᠍ᠰᠠᠨ ᠰᠡᠯᠡᠮ᠎ᠡ᠎ᠠᠴᠠ ᠵᠠᠯᠠᠭᠤᠯᠵᠤ ᠴᠢᠳᠠᠬᠤ ᠤᠯᠠᠭᠠᠨ ᠰᠠᠬᠢᠭᠤᠯᠰᠤᠨ᠎ᠤ ᠬᠤᠪᠢᠯᠭᠠᠨ ᠬᠦᠮᠦᠨ >> ᠭᠡᠵᠦ ᠴᠡᠷᠢᠭᠦᠳ ᠶᠠᠷᠢᠯᠴᠠᠳᠠᠭ ᠪᠠᠢᠪᠠ᠃
ᠬᠤᠪᠲᠣ᠌ᠶᠢᠨ ᠰᠠᠩ᠎ᠤᠨ ᠬᠤᠲᠠ᠎ᠶᠢ ᠪᠠᠢᠯᠳᠤᠭᠰᠠᠨ ᠲᠤᠯᠤᠯᠳᠤᠭᠠᠨ᠎ᠳᠤ ᠵᠢᠭᠤᠳᠠᠭᠰᠠᠨ ᠨᠢᠭᠡ ᠴᠡᠷᠢᠭ᠎ᠢ ᠪᠠᠷᠢᠨ ᠠᠪᠴᠢᠷᠠᠵᠤ ᠥᠭᠬᠦ᠎ᠳᠦ << ᠬᠦᠦ ᠮᠢᠨᠢ ᠳᠠᠩᠴᠢ ᠳᠠ᠃ ᠪᠢ ᠴᠢᠮᠠᠶ᠋ᠢ ᠰᠢᠢᠳᠬᠡᠬᠦ ᠦᠭᠡᠢ᠂ ᠲᠦᠷᠦᠭᠰᠡᠨ ᠨᠤᠲᠤᠭ᠎ᠲᠠᠭᠠᠨ ᠬᠠᠷ᠎ᠠ ᠪᠤᠷᠤᠭᠤ ᠰᠠᠨᠠᠭᠰᠠᠨ ᠪᠤᠯᠬᠤᠷ ᠵᠠᠶᠠᠭ᠎ᠠ ᠴᠢᠨᠢ ᠤᠷᠬᠢᠵᠤ ᠭᠦᠢᠴᠡᠭᠰᠡᠨ >> ᠭᠡᠳ ᠶᠠᠪᠤᠭᠤᠯᠤᠭᠰᠠᠨ ᠪᠦᠭᠡᠳ ᠳᠡᠷᠭᠡᠲᠡ᠎ᠪᠡᠨ ᠪᠠᠢᠭ᠍ᠰᠠᠨ ᠬᠥᠮᠥᠰ᠎ᠲᠦ << ᠡᠨᠡ ᠴᠡᠷᠢᠭ ᠳᠠᠷᠠᠭ᠎ᠠ᠎ᠶᠢᠨ ᠲᠤᠯᠤᠯᠳᠤᠭᠠᠨ᠎ᠳᠤ ᠦᠬᠦᠨ᠎ᠡ ᠰᠢᠦ᠂ ᠬᠦᠭᠡᠷᠦᠬᠦᠢ >> ᠭᠡᠵᠦ ᠬᠡᠯᠡᠭᠰᠡᠨ ᠠᠵᠢ᠃
ᠬᠣᠶᠠᠷ ᠡᠳᠦᠷ᠎ᠦᠨ ᠳᠠᠷᠠᠭ᠎ᠠ ᠪᠣᠯᠣᠭᠰᠠᠨ ᠲᠤᠯᠤᠯᠳᠤᠭᠠᠨ᠎ᠳᠤ ᠲᠡᠷᠡ ᠬᠦᠮᠦᠨ ᠦᠨᠡᠬᠡᠷ ᠠᠯᠠᠭᠳᠠᠭᠰᠠᠨ ᠪᠦᠭᠡᠳ ᠬᠡᠭᠦᠷ᠎ᠢ ᠨᠢ ᠦᠵᠡᠭᠡᠳ << ᠲᠠ ᠨᠠᠷ ᠬᠠᠷᠠᠵᠤ ᠪᠠᠢᠨ᠎ᠠ ᠦᠦ᠂ ᠰᠢᠯᠢᠪᠡᠷᠢᠶᠡᠨ ᠰᠢᠷᠬ᠎ᠠ ᠠᠪᠤᠭᠠᠳ ᠭᠠᠵᠠᠷ ᠮᠥᠷᠭᠦᠵᠦ ᠦᠬᠦᠭᠰᠡᠨ ᠪᠠᠢᠨ᠎ᠠ ᠰᠢᠦ᠃ ᠳᠠᠢᠰᠤᠨ᠎ᠤ ᠰᠤᠮᠤᠨ ᠪᠢᠰᠢ᠂ ᠤᠷᠤᠨ ᠨᠤᠲᠤᠭ᠎ᠤᠨ ᠰᠠᠬᠢᠭᠤᠰᠤ᠎ᠶᠢᠨ ᠰᠤᠮᠤ ᠪᠤᠯᠤᠯᠲᠠᠢ >> ᠭᠡᠵᠠᠢ᠃
ᠴᠡᠷᠢᠭᠦᠳ ᠡᠨᠡ ᠶᠠᠪᠤᠳᠠᠯ᠎ᠤᠨ ᠲᠤᠬᠠᠢ ᠰᠣᠨᠤᠰᠤᠭᠠᠳ ᠬᠠᠳᠠᠨ ᠪᠠᠭᠠᠳᠤᠷ᠎ᠤᠨ ᠮᠡᠷᠭᠡᠨ ᠴᠢᠳᠠᠯ᠎ᠢ ᠬᠡᠳᠦ ᠥᠰᠭᠡᠨ ᠶᠠᠷᠢᠵᠤ ᠪᠠᠢᠭ᠍ᠰᠠᠨ᠎ᠡᠴᠡ ᠪᠢᠰᠢ ᠲᠡᠷᠡ ᠴᠡᠷᠢᠭ᠎ᠦᠨ ᠠᠷᠤ᠎ᠡᠴᠡ ᠨᠢ ᠴᠣᠬᠣᠮ ᠬᠡᠨ ᠫᠤᠤᠳᠠᠭᠰᠠᠨ ᠲᠤᠬᠠᠢ ᠶᠠᠷᠢᠬᠤ᠎ᠶᠢ ᠪᠢᠳᠡᠬᠡᠢ ᠬᠡᠯᠡ ᠰᠠᠨᠠᠭᠰᠠᠨ ᠬᠦᠮᠦᠨ ᠦᠭᠡᠢ ᠪᠢᠯᠡ᠃
ᠬᠠᠳᠠᠨ ᠪᠠᠭᠠᠲᠤᠷ ᠮᠠᠭᠰᠤᠷᠵᠠᠪ ᠬᠠᠷ᠎ᠠ ᠴᠡᠷᠢᠭ᠎ᠦᠨ ᠲᠤᠪᠲᠤᠯᠭᠠᠨᠢ ᠡᠰᠡᠷᠬᠦᠴᠡᠭᠰᠡᠨ ᠮᠣᠩᠭᠣᠯ᠎ᠤᠨ ᠭᠣᠣᠯ ᠵᠠᠮ᠎ᠤᠨ ᠴᠡᠷᠢᠭ᠎ᠢ ᠵᠠᠬᠢᠷᠴᠦ ᠪᠠᠢᠯᠳᠤᠭᠠᠳ᠂ ᠲᠥᠷᠭᠡᠨ ᠵᠠᠭᠤᠷ᠎ᠠ ᠳᠠᠢᠰᠤᠨ᠎ᠤ ᠳᠠᠪᠰᠢᠯᠲᠠ᠎ᠶᠢ ᠵᠤᠭᠰᠤᠭᠠᠨ ᠡᠰᠡᠷᠭᠦ ᠲᠤᠪᠲᠤᠯᠵᠤ ᠦᠯᠡᠮᠵᠢ ᠭᠠᠵᠠᠷ᠎ᠢ ᠡᠵᠡᠯᠡᠵᠠᠢ᠃
ᠪᠢᠳᠡᠨ᠎ᠳᠦ ᠬᠦᠮᠦᠨ᠎ᠦ ᠨᠤᠲᠤᠭ ᠭᠡᠷᠡᠭ ᠦᠭᠡᠢ᠃ ᠬᠠᠷᠢᠨ ᠮᠠᠨᠵᠤ᠎ᠶᠢᠨ ᠬᠠᠷ᠎ᠠ ᠲᠠᠮᠠᠬᠢᠨ᠎ᠳᠤ ᠤᠨᠲᠠᠭᠰᠠᠨ ᠮᠣᠩᠭᠣᠯ ᠰᠡᠷᠭᠦᠵᠦ ᠪᠤᠰᠤᠭᠰᠠᠨ ᠴᠠᠭ᠎ᠲᠤ ᠵᠠᠩᠭᠠᠭᠰᠠᠨ ᠭᠠᠷ᠎ᠢᠶᠠᠨ ᠳᠠᠯᠳᠢᠷᠠᠬᠤ᠎ᠶᠢᠨ ᠤᠷᠤᠨ᠎ᠳᠦ ᠬᠠᠴᠠᠷ ᠳᠤᠮᠳᠠ ᠨᠢ ᠲᠠᠪᠤᠨ ᠰᠠᠯᠠᠭ᠎ᠠ ᠪᠤᠤᠪᠤ ᠭᠦᠷᠲᠡᠭᠡᠵᠦ ᠴᠢᠳᠠᠨ᠎ᠠ ᠭᠡᠳᠡᠭ᠎ᠢ ᠦᠵᠡᠬᠦᠯᠬᠦ ᠶᠣᠰᠤᠲᠠᠢ ᠰᠢᠦ ᠭᠡᠵᠦ ᠬᠡᠯᠡᠳᠡᠭ ᠪᠠᠢᠪᠠ᠃
ᠬᠠᠳᠠᠨ ᠪᠠᠭᠠᠲᠤᠷ ᠭᠤᠷᠪᠠᠨ ᠤᠯᠤᠰ᠎ᠤᠨ ᠭᠡᠷ᠎ᠡ᠎ᠶᠢ ᠵᠦᠪᠰᠢᠶᠡᠷᠡᠭᠡ ᠦᠭᠡᠢ᠃ ᠭᠡᠬᠦ᠎ᠳᠡᠭᠡᠨ ᠨᠢᠭᠡᠨᠳᠡ ᠣᠷᠣᠰ ᠬᠢᠲᠠᠳ ᠬᠣᠶᠠᠷ᠎ᠢ ᠰᠠᠯᠭᠠᠵᠤ ᠴᠢᠳᠠᠭ᠎ᠠ ᠦᠭᠡᠢ ᠪᠤᠯᠬᠤᠷ ᠦᠭᠡᠷ᠎ᠡ ᠵᠠᠮ ᠬᠠᠷᠠᠭᠳᠠᠭ᠎ᠠ ᠦᠭᠡᠢ ᠪᠢᠯᠡ᠃ ᠡᠨᠡ ᠤᠴᠢᠷ᠎ᠡᠴᠡ ᠠᠷᠭ᠎ᠠ ᠦᠭᠡᠢ ᠴᠠᠭ᠎ᠢ ᠬᠦᠯᠢᠶᠡᠵᠤ ᠶᠡᠬᠡ ᠬᠡᠷᠡᠭ᠎ᠢ ᠪᠦᠲᠥᠭᠡᠬᠦ ᠨᠢ ᠴᠢᠬᠤᠯᠠ ᠭᠡᠵᠦ ᠪᠤᠳᠤᠵᠤ ᠪᠠᠢᠯ᠎ᠠ᠃
– ᠮᠣᠩᠭᠣᠯ ᠤᠯᠤᠰ ᠲᠤᠰᠠᠭᠠᠷ ᠤᠯᠤᠰ ᠪᠣᠯᠲᠠᠯ᠎ᠠ ᠪᠢᠳᠡ ᠮᠣᠷᠢ ᠫᠤᠤ ᠬᠤᠶᠠᠷ᠎ᠡᠴᠡ ᠰᠠᠯᠬᠤ ᠦᠭᠡᠢ᠃ ᠪᠢᠳᠡ ᠬᠦᠴᠦ ᠨᠢᠮᠭᠡᠨ᠂ ᠬᠦᠮᠦᠨ ᠴᠦᠭᠡᠨ᠂ ᠭᠡᠪᠡᠴᠦ ᠪᠢᠳᠠᠨ᠎ᠢ ᠡᠵᠡᠯᠡᠬᠦ ᠭᠡᠪᠡᠯ ᠴᠢᠳᠠᠯ᠎ᠢᠶᠠᠷ᠎ᠢᠶᠠᠨ ᠲᠡᠮᠡᠴᠡᠨ᠎ᠡ᠃ ᠢᠩᠬᠢᠭᠡᠳ ᠮᠣᠩᠭᠣᠯ ᠨᠤᠲᠤᠭ ᠳᠡᠭᠡᠷ᠎ᠡ ᠨᠢᠭᠡ ᠴᠤ᠌ ᠡᠷ᠎ᠡ ᠬᠦᠮᠦᠨ ᠤᠨᠤᠬᠤ ᠭᠠᠭᠴᠠ ᠮᠣᠷᠢ ᠦᠭᠡᠢ ᠪᠣᠯᠣᠭᠰᠠᠨ ᠴᠠᠭ᠎ᠲᠤ ᠲᠡᠮᠡᠴᠡᠯ ᠳᠠᠭᠤᠰᠴᠤ᠌ ᠮᠠᠭᠠᠳ ᠭᠡᠵᠦ ᠲᠠᠬᠢᠨ ᠳᠠᠪᠲᠠᠨ ᠬᠡᠯᠡᠳᠡᠭ ᠪᠠᠢᠯ᠎ᠠ᠃
ᠬᠠᠷ᠎ᠠ ᠴᠡᠷᠢᠭ᠎ᠦᠨ ᠲᠥᠯᠥᠭᠡᠯᠡᠭᠴᠢ ᠪᠠᠭᠤᠵᠤ ᠥᠭᠪᠡᠯ ᠶᠡᠬᠡ ᠮᠥᠩᠬᠦ᠂ ᠥᠨᠳᠦᠷ ᠬᠡᠷᠬᠢᠮ ᠥᠭᠭᠦᠨ᠎ᠡ ᠭᠡᠵᠦ ᠬᠡᠯᠡᠬᠦ᠎ᠳᠤ << ᠮᠠᠨᠵᠤ᠎ᠶᠢᠨ ᠥᠭᠭᠦᠭᠰᠡᠨ ᠮᠥᠩᠬᠦ ᠬᠣᠭᠣᠯᠠᠢ ᠳᠡᠭᠡᠷ᠎ᠡ ᠲᠡᠭᠡᠭ᠌ᠯᠠᠴᠢᠬᠡᠭᠡᠳ ᠲᠠᠬᠢᠨ ᠮᠥᠩᠬᠦ ᠤᠷᠤᠬᠤ ᠵᠠᠢ ᠠᠯᠠᠭ᠎ᠠ᠃ ᠬᠠᠷᠢᠨ ᠮᠣᠩᠭᠣᠯ ᠬᠢᠷᠤᠮᠴᠠᠭ ᠢᠳᠡᠪᠡᠯ ᠪᠡᠶ᠎ᠡ ᠰᠠᠢᠵᠢᠷᠠᠨ᠎ᠠ ᠭᠡᠵᠦ ᠣᠳᠣᠴᠢ ᠭᠡᠯᠡᠭᠰᠡᠨ >> ᠭᠡᠵᠦ ᠬᠠᠷᠢᠭᠤᠯᠵᠠᠢ᠃ ᠬᠠᠳᠠᠨ ᠪᠠᠭᠠᠲᠤᠷ᠎ᠢ ᠵᠢᠭ᠍ᠰᠠᠭᠠᠯ᠎ᠤᠨ ᠡᠮᠦᠨ᠎ᠡ ᠢᠷᠡᠭᠡᠳ ᠵᠣᠭᠰᠣᠬᠤ᠎ᠳᠤ ᠤᠯᠠᠨ ᠴᠡᠷᠢᠭᠦᠳ << ᠬᠣᠷᠠᠢ >> ᠭᠡᠵᠦ ᠨᠢᠵᠢᠭᠢᠨᠡᠭᠦᠯᠦᠨ ᠬᠠᠰᠬᠢᠷᠪᠠ᠃
ᠵᠠᠩᠭᠢ᠂ ᠬᠦᠨᠳᠦ ᠨᠠᠷ ᠶᠠᠭᠠᠬᠢᠪᠠᠯ ᠬᠠᠳᠠᠨ ᠪᠠᠭᠠᠲᠤᠷ᠎ᠤᠨ ᠨᠢᠳᠦᠨ᠎ᠳᠦ ᠲᠤᠰᠬᠤ ᠪᠤᠯ ᠭᠡᠰᠡᠨ ᠪᠤᠯᠤᠯᠲᠠᠢ ᠵᠠᠷᠢᠮ ᠨᠢ ᠲᠣᠯᠣᠭᠠᠢ᠎ᠪᠠᠨ ᠰᠢᠯᠢᠨ ᠳᠡᠭᠡᠷ᠎ᠡ᠎ᠪᠡᠨ ᠲᠠᠯᠪᠢᠨ᠂ ᠴᠡᠭᠡᠵᠢ᠎ᠪᠡᠨ ᠳᠦᠷᠢᠨ ᠵᠣᠭᠰᠣᠨ᠎ᠠ᠃ ᠵᠠᠷᠢᠮ ᠨᠢ ᠠᠮᠠ᠎ᠪᠠᠨ ᠵᠢᠮᠢᠢᠯᠭᠡᠨ᠂ ᠬᠠᠮᠠᠷ᠎ᠢᠶᠠᠨ ᠰᠡᠷᠲᠡᠢᠯᠭᠠᠨ ᠬᠡᠪ ᠳᠦᠷᠰᠦ᠎ᠪᠡᠨ ᠠᠯᠳᠠᠨ ᠪᠠᠢᠨ᠎ᠠ᠃
ᠬᠠᠳᠠᠨ ᠪᠠᠭᠠᠳᠤᠷ᠎ᠤᠨ ᠮᠣᠷᠢ ᠨᠢ ᠲᠣᠭᠲᠠᠵᠤ ᠶᠠᠳᠠᠨ᠂ ᠭᠠᠵᠠᠷ ᠴᠠᠪᠴᠢᠯᠠᠵᠤ ᠬᠠᠵᠠᠭᠠᠷ ᠳᠠᠷᠤᠨ᠎ᠠ᠃
– ᠤᠯᠠᠨ ᠴᠡᠷᠢᠭᠦᠳ ᠡ᠂ ᠮᠣᠩᠭᠣᠯ᠂ ᠣᠷᠣᠰ᠂ ᠬᠢᠲᠠᠳ ᠭᠤᠷᠪᠠᠨ ᠤᠯᠤᠰ᠎ᠤᠨ ᠬᠣᠭᠣᠷᠣᠨᠳᠤ ᠭᠡᠷ᠎ᠡ ᠪᠠᠢᠭᠤᠯᠤᠭᠳᠠᠵᠤ᠂ ᠮᠠᠨ᠎ᠤ ᠤᠯᠤᠰ ᠥᠪᠡᠷ᠎ᠦᠨ ᠴᠡᠷᠢᠭ᠎ᠢ ᠭᠡᠳᠡᠷᠭᠦ ᠨᠢ ᠲᠠᠲᠠᠬᠤ ᠪᠣᠯᠵᠠᠢ᠃ ᠪᠢ ᠨᠡᠢᠰᠯᠡᠯ ᠬᠦᠷᠢᠶ᠎ᠡ ᠤᠷᠤᠭᠤ ᠥᠨᠥᠳᠥᠷ ᠶᠠᠪᠤᠨ᠎ᠠ᠃ ᠲᠠ ᠪᠥᠬᠥᠨ ᠣᠢᠷ᠎ᠠ᠎ᠶᠢᠨ ᠡᠳᠦᠷᠦᠳᠲᠤ ᠪᠤᠴᠠᠬᠤ ᠪᠢᠯᠡ᠃ ᠪᠢᠳᠡ ᠬᠢᠬᠦ ᠪᠦᠬᠦᠨ᠎ᠢᠶᠡᠨ ᠬᠢᠭᠰᠡᠨ ᠪᠣᠯᠬᠣᠷ ᠬᠤᠢᠴᠢ ᠦᠶ᠎ᠡ ᠲᠠᠯᠠᠷᠬᠠᠨ ᠳᠤᠷᠠᠰᠴᠤ ᠲᠡᠦᠬᠡ ᠳᠡᠪᠲᠡᠷᠲᠡᠬᠡᠨ ᠪᠢᠴᠢᠨ᠎ᠡ᠃ ᠲᠤᠰᠠᠭᠠᠷ ᠲᠣᠭᠲᠠᠨᠢᠭ᠍ᠰᠠᠨ ᠮᠣᠩᠭᠣᠯ ᠤᠯᠤᠰ ᠪᠠᠲᠤ ᠤᠷᠤᠰᠢᠭ᠋ ᠭᠡᠬᠦ᠎ᠳᠦ ᠤᠯᠠᠨ ᠴᠡᠷᠢᠭ ᠨᠢᠭᠡᠨ ᠵᠡᠷᠭᠡ << ᠬᠤᠷᠠᠢ >> ᠭᠡᠵᠦ ᠬᠠᠰᠬᠢᠷᠪᠠ᠃
ᠬᠠᠳᠠᠨ ᠪᠠᠭᠠᠳᠤᠷ ᠮᠠᠭᠰᠠᠷᠵᠠᠪ ᠵᠢᠭ᠍ᠰᠠᠭᠰᠠᠨ ᠴᠡᠷᠢᠭᠦᠳᠢ ᠵᠠᠬ᠎ᠠ᠎ᠡᠴᠡ ᠨᠢ ᠬᠦᠷᠲᠡᠯ᠎ᠡ ᠬᠣᠶᠠᠷ ᠲᠠᠬᠢᠨ ᠬᠠᠷᠠᠭᠰᠠᠨ᠎ᠢᠶᠠᠨ ᠮᠤᠷᠢᠨ᠎ᠤ ᠠᠮᠠ᠎ᠶᠢ ᠡᠷᠭᠢᠭᠦᠯᠵᠦ ᠶᠠᠪᠤᠬᠤ᠎ᠳᠤ ᠳᠠᠭᠠᠯᠳᠠᠭᠰᠠᠳ ᠨᠢ ᠪᠠᠰᠠ ᠶᠠᠪᠤᠨ᠎ᠠ᠃
<< ᠬᠠᠳᠠᠨ ᠪᠠᠭᠠᠳᠤᠷ᠎ᠤᠨ ᠥᠯᠮᠡᠢ ᠪᠠᠲᠤ ᠣᠷᠤᠰᠢᠭ᠋ >> ᠭᠡᠵᠦ ᠨᠢᠭᠡ ᠴᠡᠷᠢᠭ ᠬᠠᠰᠬᠢᠷᠬᠤ᠎ᠳᠤ ᠪᠦᠬᠦ ᠴᠡᠷᠢᠭ << ᠬᠣᠷᠠᠢ>> ᠭᠡᠵᠦ ᠨᠢᠵᠢᠭᠢᠨᠡᠭᠦᠯᠦᠨ ᠬᠠᠰᠬᠢᠷᠪᠠ᠃
ᠴᠡᠷᠢᠭᠦᠳ ᠲᠠᠷᠠᠵᠤ ᠮᠠᠢᠬᠠᠨ ᠮᠠᠢᠬᠠᠨ᠎ᠤ ᠵᠦᠭ ᠶᠠᠪᠤᠯ᠎ᠠ᠃ ᠳᠣᠷᠵᠢ ᠮᠠᠢᠬᠠᠨ᠎ᠤ ᠬᠠᠶᠠᠭᠠᠨ᠎ᠳᠤ ᠤᠴᠢᠭᠠᠳ ᠵᠤᠭᠰᠤᠲᠠᠯᠠ ᠨᠢᠭᠡᠨ ᠴᠡᠷᠢᠭ ᠳᠡᠷᠭᠡᠲᠡ ᠨᠢ ᠢᠷᠡᠵᠦ << ᠡᠪᠦᠭᠡᠨ ᠡ᠂ ᠢᠩᠬᠢᠭᠡᠳ ᠡᠨᠳᠡ᠎ᠠᠴᠠ ᠶᠠᠪᠤᠬᠤ ᠬᠡᠷᠡᠭ ᠦᠦ?>> ᠭᠡᠵᠦ ᠠᠰᠠᠭᠤᠪᠠ᠃
– ᠲᠡᠢᠮᠦ ᠯᠡ ᠪᠣᠯᠵᠤ ᠳᠠ᠃ ᠪᠣᠭᠳᠠ ᠵᠢᠪᠵᠤᠨᠳᠠᠮᠪᠠ ᠬᠣᠳᠣᠭᠲᠣ᠌ ᠨᠢᠭᠡ᠎ᠶᠢ ᠮᠡᠳᠡᠵᠦ ᠪᠠᠢᠭ᠎ᠠ ᠪᠠᠢᠬ᠎ᠠ ᠳᠠ ᠭᠡᠵᠦ ᠭᠤᠮᠤᠳᠠᠯ ᠲᠠᠢ ᠬᠡᠯᠡᠪᠡ᠃
– ᠮᠣᠩᠭᠣᠯ ᠬᠥᠮᠥᠨ ᠠᠮᠠᠨ᠎ᠤ ᠪᠡᠯᠡᠭ᠎ᠢᠶᠡᠷ ᠭᠡᠵᠦ ᠡᠨᠡ ᠳᠠ᠃ ᠰᠠᠶᠢᠬᠠᠨ ᠯᠡ ᠶᠠᠷᠢᠵᠤ ᠪᠠᠢᠭ᠍ᠰᠠᠨ᠃ ᠣᠳᠣ᠌ ᠴᠤ᠌ ᠨᠤᠲᠤᠭ᠎ᠲᠠᠭᠠᠨ ᠬᠠᠷᠢᠨ᠎ᠠ ᠳᠠ ᠭᠡᠵᠦ ᠨᠥᠭᠥᠭᠡ ᠠᠬᠢᠮᠠᠭ ᠨᠠᠰᠤᠨ᠎ᠤ ᠴᠡᠷᠢᠭ ᠬᠡᠯᠡᠪᠡ᠃
ᠳᠣᠷᠵᠢ ᠬᠠᠷᠢᠭᠤ ᠳᠤᠤᠭᠠᠷᠤᠭᠰᠠᠨ ᠦᠭᠡᠢ᠃ ᠢᠯᠠᠵᠤ ᠪᠠᠢᠭ᠍ᠰᠠᠨ ᠳᠠᠢᠨ᠎ᠢᠶᠡᠨ ᠵᠣᠭᠰᠣᠭᠠᠳ᠂ ᠡᠵᠡᠯᠡᠵᠦ ᠠᠪᠤᠭᠰᠠᠨ ᠭᠠᠵᠠᠷ᠎ᠢᠶᠠᠨ ᠬᠠᠶᠠᠭᠠᠠᠳ ᠪᠤᠴᠠᠬᠤ ᠨᠢ ᠰᠢᠪᠰᠢᠭ᠌ ᠲᠠᠢ ᠬᠡᠷᠡᠭ ᠰᠢᠭ᠌ ᠪᠣᠳᠣᠭᠳᠠᠵᠤ ᠪᠠᠢᠭ᠍ᠰᠠᠨ ᠪᠣᠯᠪᠠᠴᠤ ᠨᠢᠭᠡᠨᠳᠡ ᠡᠨᠡ ᠪᠤᠯ ᠪᠤᠭᠳᠠ᠎ᠶᠢᠨ ᠵᠠᠷᠯᠢᠭ᠋ ᠪᠣᠯᠬᠣᠷ ᠪᠤᠷᠤᠭᠤ ᠶᠤᠮ ᠭᠡᠵᠦ ᠬᠡᠯᠡᠬᠦ ᠬᠦᠰᠡᠯ ᠪᠠᠢᠭ᠍ᠰᠠᠨ ᠦᠭᠡᠢ᠃ ᠪᠣᠭᠳᠠ ᠵᠢᠪᠵᠤᠨᠳᠠᠮᠪᠠ ᠨᠠᠳᠠ᠎ᠡᠴᠡ ᠢᠯᠡᠭᠦᠦ ᠮᠡᠳᠡᠵᠦ ᠪᠠᠢᠭ᠎ᠠ ᠪᠣᠯᠬᠣᠷ ᠢᠩᠬᠢᠬᠦ ᠯᠡ ᠶᠣᠰᠣᠲᠠᠢ ᠪᠠᠢᠭ᠍ᠰᠠᠨ ᠶᠤᠮ ᠪᠠᠢᠬ᠎ᠠ ᠭᠡᠵᠦ ᠬᠦᠴᠦᠯᠡᠨ ᠬᠠᠷᠠᠮᠰᠠᠬᠤ᠂ ᠬᠠᠢᠷᠠᠯᠠᠬᠤ ᠰᠡᠳᠬᠢᠯ ᠨᠢ ᠣᠣᠯ ᠶᠠᠪᠤᠳᠠᠯ᠎ᠢ ᠲᠠᠬᠢᠨ ᠲᠠᠬᠢᠨ ᠪᠣᠳᠤᠭᠳᠠᠭᠤᠯᠤᠨ᠎ᠠ᠃
ᠬᠡᠳᠦᠨ ᠡᠳᠦᠷ᠎ᠦᠨ ᠳᠠᠷᠠᠭ᠎ᠠ ᠮᠣᠩᠭᠣᠯ᠎ᠤᠨ ᠴᠡᠷᠢᠭ ᠨᠤᠲᠤᠭ᠎ᠤᠨ ᠵᠦᠭ ᠬᠦᠳᠡᠯᠬᠦ᠎ᠳᠦ ᠪᠠᠢᠷᠢᠨ ᠳᠡᠭᠡᠷ᠎ᠡ ᠨᠢ ᠵᠢᠵᠢᠭ᠌ ᠵᠢᠵᠢᠭ᠌ ᠪᠣᠭᠣᠳᠠᠯᠲᠠᠢ ᠬᠠᠳᠠᠭᠰᠠᠨ ᠴᠠᠭᠠᠨ ᠮᠥᠭᠥ ᠡᠨᠳᠡ ᠲᠡᠨᠳᠡ ᠦᠭᠡᠢ ᠬᠠᠷᠠᠵᠤ ᠵᠤᠭᠰᠤᠨ᠎ᠠ᠃ ᠡᠨᠡ ᠪᠦᠬᠦᠨ᠎ᠢ ᠬᠠᠷᠠᠭᠠᠳ << ᠠᠬ᠎ᠠ ᠳᠡᠭᠦᠦ ᠨᠠᠷ ᠮᠢᠨᠢ ᠪᠣᠭᠳᠠ ᠵᠢᠪᠵᠤᠨᠳᠠᠮᠪᠠ ᠬᠤᠳᠤᠭᠲᠤ ᠨᠢᠭᠡ ᠶᠠᠭᠤᠮ᠎ᠠ ᠪᠤᠯᠭᠠᠵᠤ ᠪᠠᠢᠭ᠎ᠠ >> ᠭᠡᠵᠦ ᠬᠠᠰᠬᠢᠷᠤᠮᠠᠷ ᠰᠠᠨᠠᠭᠳᠠᠵᠤ ᠪᠠᠢᠪᠠ᠃
ᠠᠷᠤ᠎ᠶᠢᠨ ᠡᠩᠨᠡᠭᠡ ᠳ᠋ᠤᠨᠢ ᠭᠡᠷ᠎ᠲᠡᠬᠡᠨ ᠬᠠᠷᠢᠵᠤ᠂ ᠡᠬᠡᠨᠠᠷ ᠬᠡᠦᠬᠡᠳ ᠲᠠᠢ᠎ᠪᠠᠨ ᠠᠮᠢᠳᠤ ᠮᠡᠨᠳᠦ ᠠᠭᠤᠯᠵᠠᠭᠰᠠᠨᠤ ᠪᠠᠶᠠᠷ ᠬᠢᠬᠦ ᠲᠤᠬᠠᠢ ᠶᠠᠷᠢᠵᠤ ᠶᠠᠪᠤᠭᠰᠠᠨ ᠨᠢᠭᠡᠨ ᠴᠡᠷᠢᠭ᠎ᠦᠨ ᠳᠠᠭᠤ ᠤᠯᠠᠨ ᠵᠢᠯ ᠰᠠᠭᠤᠭᠰᠠᠨ ᠥᠭᠡᠯᠡᠭᠡ ᠡᠬᠡᠨᠠᠷᠤᠨᠢᠶᠠᠨ ᠳᠠᠭᠤ᠎ᠶᠢ ᠥᠯᠦᠰᠴᠦ ᠢᠷᠡᠭᠡᠳ ᠬᠤᠭᠤᠯᠠ ᠢᠳᠡᠵᠦ ᠪᠠᠢᠬᠤ᠎ᠳᠠᠭᠠᠨ ᠰᠤᠨᠤᠰᠴᠤ ᠪᠠᠢᠭ᠎ᠠ ᠬᠦᠮᠦᠨ᠎ᠦ ᠰᠡᠳᠬᠢᠯ᠎ᠢ ᠳᠣᠷᠵᠢ᠎ᠳᠤ ᠲᠥᠷᠦᠭᠦᠯᠵᠦ ᠪᠠᠢᠪᠠ᠃
ᠳᠣᠷᠵᠢ ᠤᠷᠢᠳᠤ ᠭᠠᠨᠵᠤᠭ᠎ᠠ᠎ᠪᠠᠨ ᠥᠪᠡᠷ᠎ᠢᠶᠡᠨ ᠮᠡᠳᠡᠯ ᠦᠭᠡᠢ ᠣᠷᠣᠯᠳᠣᠵᠣ᠌ ᠶᠠᠪᠤᠭᠠᠳ ᠳᠠᠢᠯᠤᠭᠰᠠᠨᠳᠤ ᠬᠡᠦᠳᠡᠢ ᠲᠠᠢ ᠮᠥᠭᠦ ᠨᠢ ᠫᠠᠳ᠎ᠬᠢᠨ ᠤᠨᠠᠬᠤ᠎ᠳᠦ ᠮᠣᠷᠢ ᠨᠢ ᠦᠷᠭᠦᠨ ᠤᠬᠤᠰᠬᠢᠭ᠍ᠰᠠᠨ ᠪᠤᠯᠪᠠᠴᠦ ᠲᠡᠳᠦᠢᠯᠡ ᠶᠠᠭᠤᠮ᠎ᠠ ᠪᠤᠯᠤᠭᠰᠠᠨ ᠦᠭᠡᠢ᠃
ᠤᠯᠠᠨ ᠮᠤᠷᠢᠨ᠎ᠤ ᠰᠡᠬᠦᠯ ᠬᠦᠯᠳᠦ ᠪᠣᠰᠣᠭᠰᠠᠨ ᠬᠠᠭᠤᠷᠠᠢ ᠲᠣᠭᠣᠰᠤ ᠬᠠᠮᠠᠷ ᠠᠮᠠ ᠤᠷᠤᠭᠤ ᠨᠢ ᠣᠷᠤᠵᠤ᠂ ᠬᠥᠯᠦᠰᠦ ᠲᠠᠢ ᠵᠢᠭᠤᠷᠠᠯᠳᠤᠨ᠂ ᠦᠳᠡ᠎ᠶᠢᠨ ᠨᠠᠷᠠ ᠳᠡᠭᠡᠷ᠎ᠡ᠎ᠡᠴᠡ ᠰᠢᠷᠡᠪᠵᠤᠩᠨᠠᠢ ᠵᠤᠨ᠎ᠤ ᠴᠠᠭ᠎ᠲᠦ ᠲᠣᠮᠤ ᠲᠣᠭᠣᠭᠠᠨ᠎ᠳᠤ ᠪᠣᠣᠪᠤ ᠴᠢᠨᠠᠵᠤ ᠪᠠᠢᠭ᠎ᠠ ᠵᠢᠵᠢᠭᠭᠡᠨ ᠭᠡᠷ ᠮᠡᠳᠦ ᠪᠦᠭᠴᠢᠮ ᠪᠠᠢᠯ᠎ᠠ᠃
ᠳᠣᠷᠵᠢ ᠡᠨᠡ ᠪᠦᠬᠦᠨ᠎ᠢᠶᠡᠨ ᠬᠤᠶᠠᠭ᠎ᠲᠦ ᠶᠠᠷᠢᠵᠤ᠂ ᠭᠣᠨᠢᠭ᠋ ᠲᠠᠢ᠎ᠪᠠᠷ ᠤᠷᠲᠤ ᠰᠠᠨᠠᠭ᠎ᠠ ᠠᠯᠳᠠᠭᠠᠳ << ᠪᠠᠭᠠᠳᠤᠷ ᠴᠠᠭᠠᠨ ᠬᠠᠭᠠᠨ᠎ᠤ ᠪᠠᠷᠠᠭᠤᠨ ᠭᠠᠷᠤᠨ ᠲᠦᠰᠢᠮᠡᠯ ᠺᠥᠷᠦᠰᠲ᠋ᠤᠢ ᠨᠤᠶᠠᠨ ᠭᠡᠭᠴᠢ ᠳᠠ ᠯᠠᠮᠠ᠂ ᠴᠢᠩ ᠰᠦᠰᠦᠭᠲᠦ ᠴᠢᠨ ᠸᠠᠩ ᠴᠡᠷᠢᠨᠴᠢᠮᠡᠳᠢ ᠶᠤᠰᠤ ᠵᠢᠷᠤᠮ ᠦᠭᠡᠢ᠂ ᠮᠠᠭᠤᠬᠠᠢ ᠬᠠᠷᠢᠶᠠᠵᠤ᠂ ᠥᠭᠭᠦᠭᠰᠡᠨ ᠪᠢᠴᠢᠭ᠌᠎ᠢ ᠨᠢ ᠪᠠᠵᠠᠭᠠᠳ ᠨᠢᠭᠤᠷ ᠤᠷᠤᠭᠤ ᠨᠢ ᠰᠢᠳᠡᠭᠰᠡᠨ ᠭᠡᠨ᠎ᠡ᠃ ᠶᠡᠷᠦ᠎ᠨᠢ ᠪᠢᠳᠡᠨ᠎ᠢ ᠬᠢᠲᠠᠳ᠂ ᠣᠷᠣᠰ ᠬᠤᠶᠠᠷ ᠬᠠᠪᠰᠠᠢᠳᠠᠬᠤ ᠰᠠᠨᠠᠭ᠎ᠠ ᠲᠠᠢ ᠳ᠋ᠠᠭ ᠰᠢᠦ >> ᠭᠡᠪᠡ᠃
– ᠬᠣᠶᠠᠭᠤᠯᠠ᠎ᠶᠢ ᠨᠢ ᠪᠠᠷᠢᠯᠳᠤᠭᠤᠯᠴᠢᠬᠠᠬᠤ ᠠᠷᠭ᠎ᠠ ᠪᠠᠢᠳᠠᠭ ᠦᠭᠡᠢ ᠶᠤᠮ ᠪᠠᠢᠬ᠎ᠠ ᠳᠠ ᠭᠡᠵᠦ ᠬᠤᠶᠠᠭ ᠬᠡᠯᠡᠵᠠᠢ᠃
– ᠪᠠᠢᠬᠤ ᠦᠭᠡᠢ ᠪᠤᠯᠤᠯᠲᠠᠢ᠃ ᠠᠷᠤ ᠬᠢᠶᠠᠭᠲᠣ᠌ᠳᠤ ᠮᠠᠨ᠎ᠤ ᠤᠯᠤᠰ᠎ᠢ ᠬᠢᠲᠠᠳ᠎ᠤᠨ ᠨᠢᠭᠡ ᠬᠡᠰᠡᠭ ᠭᠠᠵᠠᠷ ᠭᠡᠵᠤ ᠪᠢᠴᠢᠭ᠌ ᠬᠢᠭᠡᠳ ᠭᠠᠷᠤᠨ ᠦᠰᠦᠭ ᠵᠢᠷᠤ ᠭᠡᠬᠦ ᠳ᠋ᠤᠨᠢ ᠮᠠᠩᠯᠠᠢ ᠸᠠᠩ ᠳᠠᠮᠳᠢᠨᠰᠦ᠋ᠷᠦᠩ ᠡᠪᠦᠭᠡᠳ ᠳᠡᠭᠡᠳᠦᠰ᠎ᠦᠨ ᠲᠥᠷᠦᠵᠦ ᠥᠰᠦᠭᠰᠡᠨ ᠨᠤᠲᠤᠭ᠎ᠢᠶᠠᠨ ᠬᠠᠷᠢ ᠤᠯᠤᠰ᠎ᠲᠤ ᠦᠭᠭᠦᠭᠰᠡᠨ ᠪᠤᠵᠠᠷ ᠪᠢᠴᠢᠭ᠌᠎ᠲᠦ ᠭᠠᠷᠤᠨ ᠬᠤᠸᠠᠶᠤᠤᠷ ᠵᠢᠷᠤᠵᠤ᠂ ᠲᠦᠮᠡᠨ ᠦᠶ᠎ᠡ ᠵᠢᠭᠰᠢᠭᠳᠡᠬᠦ ᠨᠡᠷ᠎ᠡ ᠲᠠᠢ ᠪᠣᠯᠬᠤ ᠦᠭᠡᠢ ᠭᠡᠳ ᠰᠡᠯᠡᠮ᠎ᠡ᠎ᠪᠡᠨ ᠠᠭᠰᠢᠭ᠍ᠰᠠᠨ ᠴᠢᠨᠢ ᠪᠣᠴᠠᠭᠠᠭᠠᠳ ᠶᠠᠪᠤᠭᠤᠯᠤᠭᠰᠠᠨ ᠭᠡᠨ᠎ᠡ᠃ ᠮᠠᠩᠯᠠᠢ ᠸᠠᠩ ᠴᠤ᠌ ᠠᠷᠭ᠎ᠠ ᠦᠭᠡᠢ ᠯᠡ ᠡᠷ᠎ᠡ ᠬᠦᠮᠦᠨ ᠶᠤᠮ ᠳᠠ ᠬᠥᠭᠡᠷᠦᠬᠦᠢ ᠭᠡᠵᠦ ᠲᠥᠷᠦ᠎ᠶᠢᠨ ᠶᠠᠪᠤᠳᠠᠯ᠎ᠤᠨ ᠲᠤᠬᠠᠢ ᠰᠤᠨᠤᠰᠦᠭ᠍ᠰᠠᠨ ᠶᠠᠷᠢᠶ᠎ᠠ᠎ᠪᠠᠨ ᠳᠣᠷᠵᠢ ᠳᠠᠭᠤᠰᠬᠠᠪᠠ᠃
ᠬᠤᠶᠠᠭ ᠬᠦᠷᠢᠶᠡᠨ᠎ᠳᠦ ᠲᠠᠨᠢᠬᠤ ᠠᠢᠯ ᠦᠭᠡᠢ ᠲᠡᠨᠦᠭᠦᠴᠢᠯᠡᠨ ᠭᠤᠢᠯᠢᠨᠴᠢᠯᠠᠵᠤ ᠶᠠᠪᠤᠭ᠎ᠠ ᠠᠮᠢᠳᠤᠷᠠᠯ᠎ᠢᠶᠠᠨ ᠨᠥᠬᠥᠷᠲᠡᠬᠡᠨ ᠶᠠᠷᠢᠬᠤ᠎ᠳᠤ << ᠴᠢᠮ᠎ᠠ᠎ᠶᠢ ᠪᠢ ᠲᠠᠨᠢᠳᠠᠭ ᠠᠢᠯ᠎ᠳᠠᠭᠠᠨ ᠬᠦᠷᠭᠡᠵᠦ ᠥᠭᠭᠦᠶ᠎ᠡ᠃ ᠪᠠᠰᠠ ᠡᠭᠦᠨ᠎ᠢ ᠠᠪ >> ᠭᠡᠳ ᠲᠤᠰᠤ ᠪᠤᠯᠤᠭᠰᠠᠨ ᠠᠯᠴᠢᠭᠤᠷ᠎ᠲᠦ ᠪᠤᠭᠤᠭᠰᠠᠨ ᠠᠷᠪᠠᠨ ᠮᠥᠩᠭᠦᠨ ᠶᠠᠩᠴᠢᠶᠠᠨ᠎ᠢᠶᠠᠨ ᠥᠭᠪᠡ᠃
– ᠶᠡᠷᠦ᠎ᠨᠢ ᠴᠢ ᠪᠣᠭᠳᠠ ᠡᠵᠡᠨ᠎ᠳᠦ ᠭᠠᠪᠢᠶ᠎ᠠ ᠠᠢᠯᠠᠳᠬᠠᠪᠠᠯ ᠯᠠᠪ ᠵᠦᠭᠡᠷ ᠥᠩᠭᠡᠷᠡᠬᠦ ᠦᠭᠡᠢ᠃ ᠨᠥᠭᠦᠭᠡ ᠮᠠᠨ᠎ᠤ ᠵᠠᠭᠤᠲᠤ᠎ᠶᠢᠨ ᠶᠠᠷᠢᠮᠫᠠᠯ ᠪᠠᠭᠠᠲᠤᠷ ᠪᠣᠯᠣᠭᠰᠠᠨ᠂ ᠪᠢ ᠴᠤ᠌ ᠪᠠᠰᠠ ᠯᠡ ᠭᠤᠷᠢᠳᠠᠵᠤ ᠪᠠᠢᠭ᠎ᠠ ᠭᠡᠵᠤ ᠳᠣᠷᠵᠢ ᠴᠡᠭᠡᠵᠢ᠎ᠪᠡᠨ ᠬᠦᠳᠡᠯᠭᠡᠨ ᠬᠡᠯᠡᠪᠡ᠃
ᠬᠤᠶᠠᠭ ᠬᠠᠷᠢᠭᠤ ᠳᠤᠤᠭᠠᠷᠤᠭᠰᠠᠨ ᠦᠭᠡᠢ ᠪᠣᠰᠪᠠ᠃ ᠢᠩᠬᠢᠭᠡᠳ ᠲᠡᠷᠡ ᠬᠤᠶᠠᠷ ᠳᠤᠷᠵᠢ᠎ᠶᠢᠨ ᠲᠠᠨᠢᠳᠠᠭ ᠠᠢᠯ᠎ᠳᠤ ᠤᠴᠢᠬᠤ᠎ᠪᠠᠷ ᠶᠠᠪᠤᠯ᠎ᠠ᠃
ᠬᠦᠷᠢᠶᠡᠨ᠎ᠦ ᠬᠠᠯᠠᠭᠤᠨ ᠤᠯᠠᠮ ᠶᠡᠬᠡ ᠪᠤᠯᠵᠤ ᠥᠮᠡᠬᠡᠢ ᠰᠢᠪᠠᠷ ᠬᠠᠮᠠᠷ ᠬᠣᠷᠣᠰᠬᠠᠨ᠂ ᠪᠡᠶ᠎ᠡ ᠬᠤᠪᠴᠠᠰᠦ ᠬᠤᠶᠠᠷ ᠴᠠᠪᠠᠦ᠎ᠪᠠᠷ ᠨᠠᠭᠠᠯᠳᠤᠭᠤᠯᠤᠭᠰᠠᠨ ᠮᠡᠲᠦ ᠵᠢᠭᠤᠷᠠᠯᠳᠤᠨ᠎ᠠ᠃