返回

       ᠲᠤᠩᠭᠠᠯᠠᠭ ᠲᠠᠮᠢᠷ
– ᠴ᠂ ᠯᠤᠳᠤᠢᠳᠠᠮᠪᠠ
 

ᠨᠢᠭᠡ — ᠬᠣᠶᠠᠷ
 
      ᠡᠷᠳᠡᠨᠢ᠂ ᠬᠠᠷᠢ ᠨᠤᠲᠤᠭ᠎ᠲᠤ ᠶᠠᠪᠠᠭᠠᠷᠠᠭᠰᠠᠨ ᠭᠣᠨᠢᠭ᠍ᠲᠣ᠌ ᠰᠦᠨᠢ᠎ᠶᠢᠨ ᠤᠷᠢᠳᠤᠬᠢ ᠥᠷᠯᠥᠭᠡ ᠲᠠᠮᠢᠷ᠎ᠤᠨ ᠬᠥᠨᠳᠡᠢ᠎ᠳᠦ ᠥᠭᠡᠷ᠎ᠡ ᠨᠢᠭᠡᠨ ᠬᠡᠷᠡᠭ ᠭᠠᠷᠴᠠᠢ᠃
      ᠡᠮᠦᠨᠡᠭᠦᠷ᠎ᠢᠶᠡᠨ ᠭᠠᠷᠤᠭᠰᠠᠨ ᠢᠯᠠᠭ᠎ᠠ᠎ᠶᠢ ᠡᠮᠬᠦᠬᠦ ᠭᠡᠳ ᠴᠢᠳᠠᠯ ᠦᠭᠡᠢ ᠠᠩᠭᠠᠢᠵᠤ ᠬᠣᠴᠣᠷᠣᠭᠰᠠᠨ ᠰᠢᠪᠠᠭᠤᠨ᠎ᠤ ᠠᠮᠠ ᠰᠢᠭ᠋ ᠭᠣᠣᠯ᠎ᠤᠨ ᠪᠠᠷᠠᠭᠤᠨ ᠲᠠᠯ᠎ᠠ ᠤᠷᠤᠭᠤ ᠬᠣᠢᠨ᠎ᠠ᠎ᠡᠴᠡ ᠰᠢᠭᠠᠵᠤ ᠣᠷᠣᠭᠰᠠᠨ ᠤᠷᠲᠤ ᠠᠮᠠ᠎ᠶᠢᠨ ᠠᠳᠠᠭ᠂ ᠥᠷᠭᠡᠨ ᠳᠡᠨᠵᠢ ᠳᠡᠭᠡᠷ᠎ᠡ ᠳᠤᠮᠳᠠ᠎ᠪᠠᠨ ᠬᠣᠨᠢᠨ᠎ᠤ ᠬᠠᠰᠢᠶ᠎ᠠ ᠲᠠᠢ ᠴᠢᠨᠳᠠᠮᠤᠨᠢᠯᠠᠨ ᠪᠠᠭᠤᠭᠰᠠᠨ ᠭᠤᠷᠪᠠᠨ ᠭᠡᠷ ᠬᠣᠲᠠ ᠠᠢᠯ ᠬᠠᠷᠠᠭᠳᠠᠨ᠎ᠠ᠃
      ᠪᠠᠷᠠᠭᠤᠨ ᠡᠮᠦᠨᠡᠬᠢ ᠲᠣᠮᠣ᠌ ᠭᠡᠷ᠎ᠠᠴᠠ ᠬᠥᠬᠡ ᠳᠠᠯᠢᠩᠪᠣ ᠳᠡᠪᠡᠯ ᠲᠠᠢ᠂ ᠬᠠᠭᠤᠴᠢᠪᠳᠤᠷ ᠯᠣᠣᠴᠢᠨ ᠭᠤᠲᠤᠯ ᠡᠮᠦᠰᠦᠭᠰᠡᠨ᠂ ᠰᠡᠢᠯᠦᠮᠡᠯ ᠲᠡᠮᠦᠷ ᠬᠡᠲᠡ ᠪᠠᠯ ᠲᠠᠢ᠂ ᠣᠢᠰᠣᠨ ᠡᠰᠢ ᠲᠠᠢ ᠬᠢᠲᠤᠭ᠎ᠠ ᠵᠡᠬᠦᠭᠰᠡᠨ᠂ ᠭᠢᠯᠠᠯᠵᠠᠭᠰᠠᠨ ᠳᠤᠭᠤᠢ ᠪᠤᠷᠤ ᠴᠢᠷᠠᠢ ᠲᠠᠢ᠂ ᠲᠣᠭᠲᠠᠵᠤ ᠶᠠᠳᠠᠭᠰᠠᠨ ᠳᠠᠪᠬᠤᠷ᠎ᠠ ᠠᠯᠠᠭ ᠬᠤᠷᠴᠠ ᠨᠢᠳᠦ ᠲᠠᠢ᠂ ᠪᠦᠳᠦᠭᠦᠨ ᠬᠠᠷ᠎ᠠ ᠭᠡᠵᠢᠭᠡ ᠲᠠᠢ ᠬᠥᠮᠥᠨ ᠭᠠᠷᠴᠤ ᠢᠷᠡᠭᠡᠳ ᠳᠦᠩᠭᠡᠵᠢ ᠲᠡᠮᠳᠡᠭ ᠣᠷᠣᠵᠤ ᠪᠠᠢᠭ᠎ᠠ ᠦᠷ᠎ᠦᠨ ᠭᠡᠭᠡᠨ᠎ᠳᠦ ᠳᠦᠷᠪᠡᠨ ᠵᠦᠭ ᠨᠠᠢ᠍ᠮᠠᠨ ᠵᠣᠪᠬᠢᠰ᠎ᠢ ᠠᠵᠢᠭ᠍ᠯᠠᠨ ᠵᠣᠭᠰᠣᠪᠠ᠃
      ᠡᠨᠡ ᠬᠥᠮᠥᠨ᠎ᠢ ᠢᠲᠡᠭᠡᠯᠲᠦ ᠭᠡᠳᠡᠭ᠃ ᠣᠳᠣ᠌ ᠭᠤᠴᠢᠨ ᠬᠣᠶᠠᠷ ᠨᠠᠰᠤᠲᠠᠢ ᠢᠲᠡᠭᠡᠯᠲᠦ ᠶᠠᠮᠠᠷᠴᠤ ᠢᠵᠠᠭᠤᠷ ᠤᠭᠰᠠᠭ᠎ᠠ ᠦᠭᠡᠢ᠃ ᠡᠴᠢᠭᠡ᠎ᠠᠴᠠ ᠣᠯᠠᠮᠵᠢᠯᠠᠭᠰᠠᠨ ᠥᠪ ᠬᠥᠷᠥᠩᠭᠡ ᠪᠠᠭ᠎ᠠ ᠪᠣᠯᠪᠠᠴᠤ ᠬᠠᠢᠷᠭᠤ ᠴᠢᠯᠠᠭᠤ ᠮᠡᠷᠡᠬᠦ᠎ᠠᠴᠠ ᠪᠣᠰᠤᠳ᠎ᠢ ᠬᠢᠵᠦ ᠪᠠᠢᠭᠠᠳ ᠯᠤᠤ ᠭᠦᠩ᠎ᠦᠨ ᠬᠣᠰᠢᠭᠤᠨ᠎ᠤ ᠲᠡᠷᠢᠭᠦᠨ ᠪᠠᠶᠠᠨ᠎ᠤ ᠨᠢᠭᠡ ᠪᠣᠯᠵᠠᠢ᠃ ᠠᠷᠪᠠᠨ ᠶᠢᠰᠦᠨ ᠨᠠᠰᠤᠨ᠎ᠳᠠᠭᠠᠨ ᠳᠠᠯᠠᠢᠴᠣᠢᠩᠬᠤᠷ ᠸᠠᠩ᠎ᠤᠨ ᠯᠣᠪᠰᠠᠩ ᠲᠠᠢᠵᠢ᠎ᠶᠢᠨ ᠥᠬᠢᠨ᠎ᠢ ᠶᠣᠰᠣᠯᠠᠨ ᠠᠪᠴᠤ ᠥᠮᠴᠢᠨ ᠳ᠋ᠤᠨᠢ ᠣᠪᠣᠭ᠎ᠠ ᠮᠠᠯ ᠠᠪᠤᠭᠰᠠᠨ ᠨᠢ ᠬᠥᠷᠥᠩᠭᠡᠵᠢᠬᠦ᠎ᠶᠢᠨ ᠡᠬᠢ ᠰᠣᠷᠪᠣᠯᠵᠢ ᠪᠣᠯᠵᠠᠢ᠃ ᠭᠠᠳᠠᠨ᠎ᠠ᠎ᠪᠠᠨ ᠴᠥᠭᠡᠨ ᠮᠠᠯ ᠪᠠᠢᠯᠭᠠᠵᠤ ᠪᠤᠰᠤᠳ᠎ᠢ ᠬᠡᠳᠦᠨ ᠬᠣᠰᠢᠭᠣᠨ᠎ᠤ ᠶᠠᠳᠠᠭᠤᠴᠤᠳ᠎ᠲᠤ ᠰᠠᠭᠤᠷᠢᠯᠠᠨ ᠥᠭᠴᠦ ᠬᠠᠷᠢᠭᠤᠯᠤᠭᠤᠯᠳᠠᠭ ᠠᠵᠠᠢ᠃
      ᠢᠳᠡᠭᠡᠯᠲᠥ᠍᠎ᠶᠢᠨ ᠪᠦᠯᠢ ᠭᠡᠪᠡᠯ ᠡᠬᠡᠨᠡᠷ ᠲᠣᠯᠵᠢᠨ᠂ ᠠᠷᠪᠠᠨ ᠨᠠᠰᠤᠲᠠᠢ ᠬᠦᠦ ᠬᠣᠩᠭᠣᠷ᠂ ᠳᠣᠯᠣᠭᠠᠨ ᠨᠠᠰᠤᠲᠠᠢ ᠥᠬᠢᠨ ᠰᠣᠯᠣᠩᠭ᠎ᠠ ᠡᠢᠮᠦ ᠳᠥᠷᠪᠡᠨ ᠬᠠᠯᠠᠭᠤᠨ ᠠᠮᠢ ᠪᠢᠯᠡ᠃ ᠢᠳᠡᠭᠡᠯᠲᠥ᠍ ᠦᠷ᠎ᠦᠨ ᠭᠡᠭᠡ ᠴᠠᠢᠬᠤ᠎ᠡᠴᠡ ᠡᠬᠢᠯᠡᠭᠡᠳ ᠦᠳᠡᠰᠢ᠎ᠶᠢᠨ ᠪᠦᠷᠦᠩᠬᠦᠢ ᠪᠣᠯᠲᠠᠯ᠎ᠠ ᠪᠣᠷᠪᠢ ᠪᠣᠬᠢᠰᠬᠢᠬᠣ᠌ ᠦᠭᠡᠢ ᠶᠠᠭᠤᠮ᠎ᠠ ᠬᠢᠵᠦ ᠪᠠᠢᠳᠠᠭ᠃ ᠬᠠᠪᠢ ᠣᠢᠷ᠎ᠠ᠎ᠶᠢᠨ ᠬᠥᠮᠥᠰ᠎ᠢᠶᠡᠨ ᠴᠤ᠌ ᠶᠠᠭ ᠲᠡᠢᠮᠦ ᠪᠠᠢᠯᠭᠠᠬᠤ᠎ᠶᠢ ᠬᠢᠴᠢᠶᠡᠳᠡᠭ᠃ ᠡᠨᠡ ᠴᠤ᠌ ᠤᠴᠢᠷ᠎ᠡᠴᠡ ᠡᠬᠡᠨᠡᠷ ᠲᠣᠯᠵᠢᠨ ᠨᠢ ᠪᠣᠰᠣᠳ᠎ᠡᠴᠡ ᠲᠥᠷᠦᠭᠦᠨ᠎ᠳᠦ ᠪᠣᠰᠣᠭᠠᠳ᠂ ᠪᠣᠰᠣᠳ᠎ᠡᠴᠡ ᠲᠥᠷᠦᠭᠦᠨ᠎ᠳᠦ ᠦᠨᠢᠶ᠎ᠡ᠎ᠪᠡᠨ ᠰᠠᠭᠠᠵᠤ ᠪᠡᠯᠴᠢᠭᠡᠳᠡᠭ ᠵᠠᠩᠰᠢᠯ ᠲᠠᠢ᠃ ᠬᠡᠷᠪᠡ ᠠᠯᠢ ᠨᠢᠭᠡᠨ ᠠᠢᠯ᠎ᠡᠴᠡ ᠬᠣᠵᠢᠮᠳᠠᠪᠠᠯ ᠲᠡᠷᠡ ᠡᠳᠦᠷ᠎ᠲᠡᠬᠡᠨ ᠲᠠᠭᠤ ᠱᠤᠤ ᠦᠭᠡᠢ ᠠᠭᠤᠷᠯᠠᠨ ᠶᠠᠪᠤᠳᠠᠭ᠃ ᠡᠨᠡ ᠵᠠᠩ᠎ᠢ ᠨᠢ ᠮᠡᠳᠡᠳᠡᠭ ᠵᠠᠷᠤᠴᠠ ᠨᠠᠷ ᠨᠢ ᠶᠡᠬᠡ ᠭᠡᠷ᠎ᠦᠨ ᠴᠠᠢ᠎ᠶᠢᠨ ᠤᠭᠤᠷ ᠳᠤᠤᠭᠠᠷᠬᠤ᠎ᠡᠴᠡ ᠨᠠᠰᠢ ᠪᠣᠰᠳᠠᠭ ᠦᠭᠡᠢ᠃
      ᠢᠲᠡᠭᠡᠯᠲᠦ ᠬᠡᠰᠡᠭ ᠵᠣᠭᠰᠣᠵᠤ᠂ ᠬᠡᠳᠦ ᠲᠠᠬᠢᠨ ᠰᠤᠨᠢᠶᠠᠪᠠ᠃
   – ᠲᠣᠯᠵᠢᠨ ᠡ᠂ ᠬᠦᠦ᠎ᠶᠢ ᠪᠣᠰᠬᠠᠭᠠᠳ ᠦᠨᠢᠶᠡᠨ᠎ᠳᠦ ᠶᠠᠪᠤᠭᠤᠯ᠃ ᠰᠠᠢᠬᠠᠨ ᠡᠳᠦᠷ ᠪᠣᠯᠬᠤ ᠨᠢ ᠭᠡᠵᠦ ᠨᠠᠷᠢᠨ ᠴᠠᠷᠭᠢᠶ᠎ᠠ ᠳᠠᠭᠤ᠎ᠪᠠᠷ ᠬᠡᠯᠡᠭᠡᠳ ᠬᠤᠢᠲᠤ ᠭᠡᠷ ᠤᠷᠤᠭᠤ ᠭᠦᠶᠦᠨ ᠣᠴᠢᠵᠤ ᠡᠷᠦᠬᠡ᠎ᠶᠢ ᠲᠠᠲᠠᠭᠠᠳ᠂
– ᠳᠤᠯᠮ᠎ᠠ ᠡ᠂ ᠪᠣᠰᠪᠠᠯ ᠳᠡᠭᠡᠷ᠎ᠡ ᠪᠠᠢᠬ᠎ᠠ ᠭᠡᠳ ᠵᠡᠭᠦᠨ ᠭᠡᠷ ᠤᠷᠤᠭᠤ ᠠᠯᠬᠤᠳᠠᠯ᠎ᠠ ᠭᠡᠷ᠎ᠠᠴᠠ ᠠᠬᠢᠮᠠᠭ ᠨᠠᠰᠤᠨ᠎ᠤ ᠠᠪᠠᠭᠠᠢ ᠭᠠᠷᠴᠤ ᠢᠷᠡᠭᠡᠳ ᠡᠷᠦᠬᠡ᠎ᠪᠡᠨ ᠲᠠᠲᠠᠯ᠎ᠠ᠃ ᠬᠣᠢᠲᠤ ᠵᠢᠵᠢᠭ᠌ ᠭᠡᠷ᠎ᠲᠦ ᠢᠲᠡᠭᠡᠯᠲᠦ᠎ᠶᠢᠨ ᠠᠳᠤᠭᠤᠴᠢᠨ ᠭᠠᠯᠰᠠᠩ᠂ ᠡᠬᠡᠨᠡᠷ ᠲᠤᠯᠮ᠎ᠠ᠎ᠶᠢᠨ ᠬᠠᠮᠲᠤ ᠪᠠᠢᠳᠠᠭ᠃ ᠵᠡᠭᠦᠨ ᠭᠡᠷ᠎ᠲᠦ ᠬᠤᠨᠢᠴᠢᠨ ᠨᠢᠮ᠎ᠠ᠂ ᠡᠬᠡᠨᠡᠷ ᠬᠡᠰᠢᠭᠲᠦ᠂ ᠵᠢᠷᠭᠤᠭᠠᠨ ᠨᠠᠰᠤᠲᠠᠢ ᠥᠬᠢᠨ ᠰᠥᠷᠥᠩ᠎ᠦᠨ ᠬᠠᠮᠲᠤ ᠪᠠᠢᠳᠠᠭ᠃
ᠢᠳᠡᠭᠡᠯᠲᠥ᠍᠎ᠶᠢᠨ ᠨᠢᠷᠤᠭᠤ ᠨᠠᠮᠬᠠᠨ᠂ ᠲᠣᠷᠣᠩᠬᠠᠢ ᠪᠣᠯᠪᠠᠴᠤ᠂ ᠪᠣᠯᠴᠢᠩ ᠰᠢᠷᠪᠦᠰᠦ ᠪᠣᠯᠣᠭᠰᠠᠨ ᠪᠡᠶ᠎ᠡ ᠨᠢ ᠭᠦᠶᠦᠵᠦ ᠦᠰᠦᠷᠴᠦ ᠶᠠᠪᠤᠬᠤ᠎ᠪᠠᠷ ᠵᠣᠷᠢᠭᠤᠳᠠ ᠵᠠᠶᠠᠭᠠᠭᠳᠠᠭᠰᠠᠨ ᠮᠡᠲᠦ ᠪᠦᠭᠡᠳ ᠨᠤᠲᠤᠭ᠎ᠤᠨ ᠬᠢᠨ ᠨᠢ 《 ᠳᠡᠪᠡᠭᠡᠷᠡᠭᠡ ᠢᠳᠡᠭᠡᠯᠲᠥ᠍ 》 ᠭᠡᠵᠦ ᠬᠣᠴᠢᠯᠠᠳᠠᠭ᠃ ᠢᠳᠡᠭᠡᠯᠲᠥ᠍ ᠱᠣᠭᠰᠢᠭ᠍ᠰᠠᠭᠠᠷ ᠭᠡᠷ᠎ᠦᠨ᠎ᠢᠶᠡᠨ ᠭᠠᠳᠠᠨ᠎ᠠ ᠣᠴᠢᠬᠤ᠎ᠳᠤ ᠬᠦᠦ ᠬᠣᠩᠭᠣᠷ ᠨᠢ ᠨᠢᠳᠦ᠎ᠪᠡᠨ ᠨᠤᠬᠤᠯᠠᠨ ᠭᠠᠷᠴᠤ ᠢᠷᠡᠪᠡ᠃
– ᠮᠠᠭᠤ ᠬᠦᠮᠦᠨ᠎ᠦ ᠨᠣᠢᠷ᠂ ᠮᠣᠯᠭᠤᠤ ᠬᠥᠮᠥᠨ᠎ᠦ ᠰᠢᠯᠦᠰᠦ ᠭᠡᠭᠴᠢ᠎ᠪᠡᠷ ᠨᠤᠢᠷᠮᠤᠭᠯᠠᠭᠠᠳ᠂ ᠵᠠᠶᠠᠭ᠎ᠠ ᠨᠢ ᠣᠷᠬᠢᠭ᠍ᠰᠠᠨ ᠳᠠᠷᠢᠬᠢ᠃ ᠪᠣᠰᠢᠭᠤᠬᠠᠨ ᠦᠨᠢᠶ᠎ᠡ᠎ᠪᠡᠨ ᠬᠤᠷᠢᠶᠠᠭᠠᠳ ᠢᠷ᠎ᠡ ᠭᠡᠵᠦ ᠲᠡᠷᠲᠡᠭᠡ ᠬᠣᠢᠲᠦ ᠡᠩᠭᠡᠷ᠎ᠲᠦ ᠢᠳᠡᠬᠦ ᠨᠢ ᠢᠳᠡᠵᠦ᠂ ᠬᠡᠪᠲᠡᠬᠦ ᠨᠢ ᠬᠡᠪᠲᠡᠵᠦ ᠪᠠᠢᠭ᠎ᠠ ᠰᠠᠷᠯᠤᠭ ᠬᠠᠢᠨᠤᠭ ᠭᠣᠣᠯᠳᠠᠭᠤ ᠦᠬᠡᠷ ᠤᠷᠤᠭᠤ ᠵᠢᠭᠠᠪᠠ᠃
ᠬᠣᠩᠭᠣᠷ ᠪᠤᠷᠭᠠᠰᠤᠨ ᠰᠢᠯᠪᠢᠭᠦᠷ ᠠᠪᠴᠤ ᠮᠣᠷᠳᠠᠨ ᠭᠦᠶᠦᠬᠦ ᠭᠡᠬᠦ ᠳ᠋ᠤᠨᠢ 《 ᠮᠣᠳᠣ᠌ ᠪᠢᠳᠡᠭᠡᠢ ᠤᠨᠤ᠂ ᠵᠠᠶᠠᠭ᠎ᠠ ᠨᠢ ᠣᠷᠬᠢᠭ᠍ᠰᠠᠨ ᠲᠠᠷᠢᠬᠢ 》 ᠭᠡᠵᠦ ᠡᠴᠢᠭᠡ ᠨᠢ ᠵᠢᠮᠡᠯᠡᠨ ᠵᠤᠭᠰᠣᠭᠠᠪᠠ᠃ ᠢᠳᠡᠭᠡᠯᠲᠥ᠍᠂ ᠲᠠᠮᠢᠷ᠎ᠤᠨ ᠨᠥᠭᠦᠭᠡ ᠲᠠᠯ᠎ᠠ᠎ᠶᠢᠨ ᠮᠣᠳᠣ᠌ ᠲᠠᠢ ᠠᠭᠤᠯᠠ᠎ᠶᠢᠨ ᠠᠷᠤ᠎ᠳᠤ ᠢᠳᠡᠵᠦ ᠪᠠᠢᠭ᠎ᠠ ᠬᠤᠶᠠᠷ ᠮᠣᠷᠢ᠎ᠶᠢ ᠠᠵᠢᠭ᠍ᠯᠠᠨ ᠬᠠᠷᠠᠭᠰᠠᠨ᠎ᠢᠶᠠᠨ ᠰᠢᠭᠤᠳ ᠶᠠᠪᠤᠵᠤ ᠬᠣᠨᠢᠨ᠎ᠤ ᠬᠠᠰᠢᠶ᠎ᠠ ᠪᠡᠨ ᠨᠡᠭᠡᠭᠡᠪᠡ᠃
ᠡᠨᠡ ᠦᠶ᠎ᠡ᠎ᠳᠦ ᠨᠢᠮ᠎ᠠ ᠪᠦᠰᠡ᠎ᠪᠡᠨ ᠪᠦᠰᠡᠯᠡᠭᠰᠡᠭᠡᠷ ᠢᠷᠡᠭᠡᠳ᠄ << ᠰᠠᠢᠨ ᠤᠨᠳᠠᠪᠠ ᠦᠦ? ᠤᠯᠤᠰ ᠪᠢᠳᠡ ᠬᠣᠶᠠᠷ᠎ᠢ ᠬᠡᠨ ᠨᠢ ᠪᠠᠶᠠᠨ ᠢᠳᠡᠭᠡᠯᠲᠥ᠍᠂ ᠬᠡᠨ ᠨᠢ ᠬᠣᠨᠢᠴᠢᠨ ᠨᠢᠮ᠎ᠠ ᠭᠡᠳᠡᠭ᠎ᠢ ᠳᠠᠭᠠᠵᠤ ᠣᠯᠬᠤ ᠭᠡᠵᠦ ᠵᠦᠳᠡᠷᠡᠳᠡᠭ ᠪᠣᠯᠤᠯᠲᠠᠢ >> ᠭᠡᠵᠦ ᠪᠦᠳᠦᠭᠦᠨ ᠫᠠᠷᠭᠢᠶ᠎ᠠ ᠳᠠᠭᠤ᠎ᠪᠠᠷ ᠬᠡᠯᠡᠪᠡ᠃
– ᠳᠠᠭᠠᠵᠤ ᠯᠡ ᠪᠠᠢᠭ᠋ ᠭᠡᠳ ᠢᠳᠡᠭᠡᠯᠲᠥ᠍ ᠬᠣᠭᠣᠯᠠᠢ᠎ᠳᠠᠭᠠᠨ ᠵᠠᠯᠢ ᠲᠠᠢ ᠢᠨᠢᠶᠡᠭᠰᠡᠨ᠎ᠢᠶᠡᠨ << ᠨᠢᠮ᠎ᠠ ᠭᠣᠸᠠᠢ᠂ ᠫᠦᠷᠪᠦ ᠲᠠᠢᠵᠢ᠎ᠶᠢᠨ ᠠᠳᠤᠭᠤᠴᠢᠨ᠎ᠤ ᠰᠤᠷᠠᠭᠯᠠᠵᠤ ᠶᠠᠪᠣᠭᠰᠠᠨ ᠬᠤᠶᠠᠷ ᠲᠡᠷᠡ ᠪᠠᠢᠨ᠎ᠠ >> ᠭᠡᠵᠦ ᠨᠥᠭᠦᠭᠡ ᠬᠤᠶᠠᠷ ᠮᠣᠷᠢ᠎ᠶᠢ ᠵᠢᠭᠠᠪᠠ᠃
   – ᠪᠠᠷᠢᠵᠤ ᠠᠪᠤᠭᠠᠳ᠂ ᠢᠷᠡᠵᠦ ᠠᠪᠲᠠᠯ᠎ᠠ ᠨᠢ ᠬᠣᠨᠢᠨ᠎ᠳᠤ ᠲᠠᠯᠬᠢᠵᠤ ᠣᠷᠬᠢᠬᠤ ᠶᠤᠮᠰᠠᠨ ᠭᠡᠵᠦ ᠢᠳᠡᠭᠡᠯᠲᠥ᠍᠎ᠶᠢᠨ ᠪᠣᠳᠣᠯ᠎ᠢ ᠳᠠᠭᠠᠭᠰᠠᠨ ᠮᠡᠲᠦ ᠨᠢᠮ᠎ᠠ ᠬᠡᠯᠡᠪᠡ᠃
   – ᠠᠳᠣᠭᠣ᠌ ᠢᠷᠡᠬᠦ᠎ᠪᠡᠷ ᠲᠠ ᠮᠣᠷᠳᠠᠭᠠᠳ ᠬᠦᠭᠡᠭᠡᠭᠡᠳ ᠢᠷ᠎ᠡ ᠯᠡ ᠳᠠ᠂ ᠣᠷᠤᠵᠤ ᠠᠢᠷᠠᠭ ᠤᠤᠭᠤᠶ᠎ᠠ ᠭᠡᠳ ᠢᠳᠡᠭᠡᠯᠲᠥ᠍ ᠭᠡᠷ᠎ᠦᠨ᠎ᠢᠶᠡᠨ ᠵᠦᠭ ᠶᠠᠪᠤᠬᠤ᠎ᠳᠤ ᠨᠢᠮ᠎ᠠ ᠳᠠᠭᠠᠪᠠ᠃
   ᠬᠣᠩᠭᠣᠷ ᠬᠦᠦ ᠭᠦᠶᠦᠭᠰᠡᠭᠡᠷ ᠭᠦᠨ ᠵᠢᠯᠠᠭᠠᠨ᠎ᠤ ᠡᠬᠢ᠎ᠪᠡᠷ ᠭᠠᠷᠬᠤ ᠭᠡᠲᠡᠯ᠎ᠡ ᠢᠷᠤᠭᠠᠯ᠎ᠳᠤ ᠶᠠᠮᠠᠷ ᠨᠢᠭᠡᠨ ᠳᠠᠭᠤ ᠭᠠᠷᠬᠤ᠎ᠳᠤ ᠵᠣᠭ ᠲᠤᠰᠤᠨ ᠵᠣᠭᠰᠣᠵᠤ ᠬᠠᠷᠠᠯ᠎ᠠ᠃
– ᠳᠡᠭᠦᠦ ᠮᠢᠨᠢ ᠭᠦᠶᠦᠭᠡᠳ ᠢᠷ᠎ᠡ ᠭᠡᠵᠦ ᠲᠡᠷᠳᠡᠭᠡ ᠳᠣᠣᠷ᠎ᠠ᠎ᠡᠴᠡ ᠪᠦᠳᠦᠭᠦᠨ ᠲᠠᠭᠤ ᠲᠠᠢ ᠬᠥᠮᠥᠨ ᠳᠤᠤᠭᠠᠷᠪᠠ᠃ ᠠᠵᠢᠭ᠍ᠯᠠᠪᠠᠯ ᠲᠡᠷᠡ ᠳᠤᠤᠷ᠎ᠠ ᠬᠥᠮᠥᠨ ᠭᠡᠬᠦ᠎ᠳᠦ ᠴᠤ᠌ ᠪᠡᠷᠬᠡ᠂ ᠪᠢᠰᠢ ᠭᠡᠬᠦ᠎ᠳᠦ ᠴᠤ᠌ ᠪᠡᠷᠬᠡ ᠨᠢᠭᠡ ᠶᠠᠭᠤᠮ᠎ᠠ ᠬᠥᠳᠡᠯᠵᠦ ᠪᠠᠢᠪᠠ᠃
– ᠳᠡᠭᠦᠦ ᠮᠢᠨᠢ ᠪᠢᠳᠡᠬᠡᠢ ᠠᠶᠤ᠃ ᠠᠬ᠎ᠠ ᠨᠢ ᠨᠢᠭᠡ ᠶᠠᠳᠠᠷᠠᠭᠰᠠᠨ ᠬᠥᠮᠥᠨ ᠪᠠᠢᠨ᠎ᠠ ᠭᠡᠵᠦ ᠫᠠᠷᠭᠢᠭ᠍ᠰᠠᠨ ᠳᠠᠭᠤ᠎ᠪᠠᠷ ᠬᠡᠯᠡᠬᠦ᠎ᠳᠦ ᠬᠣᠩᠭᠣᠷ ᠵᠢᠯᠠᠭ᠎ᠠ ᠤᠷᠤᠭᠤ ᠣᠷᠣᠵᠤ ᠣᠢᠷᠠᠲᠤᠨ ᠣᠴᠢᠪᠠ᠃
   – ᠪᠢ ᠬᠥᠮᠥᠨ᠃ ᠳᠡᠭᠦᠦ ᠮᠢᠨᠢ ᠬᠦᠷᠦᠭᠡᠳ ᠢᠷ᠎ᠡ᠃
   ᠲᠡᠷᠡ ᠪᠣᠯ ᠠᠷᠭ᠎ᠠ ᠦᠭᠡᠢ ᠯᠡ ᠬᠦᠮᠦᠨ ᠪᠠᠢᠯ᠎ᠠ᠃ ᠴᠢᠩᠬᠢᠬᠦ᠎ᠳᠡᠭᠡᠨ ᠬᠣᠶᠠᠷ ᠭᠠᠷ ᠦᠭᠡᠢ ᠬᠥᠮᠥᠨ ᠬᠡᠪᠲᠡᠵᠦ ᠪᠠᠢᠪᠠ᠃ ᠭᠬᠢᠷ ᠬᠥᠯᠥᠰᠦᠨ᠎ᠳᠦ ᠪᠠᠷᠢᠭ᠍ᠳᠠᠵᠤ᠂ ᠦᠰᠦ ᠰᠠᠬᠠᠯ ᠨᠢ ᠤᠷᠭᠤᠭᠠᠳ ᠡᠷᠭᠢ ᠮᠥᠷᠭᠦᠵᠦ ᠪᠠᠢᠭᠠᠳ ᠭᠠᠷᠤᠭᠰᠠᠨ ᠰᠠᠷᠯᠤᠭ᠎ᠤᠨ ᠪᠤᠬ᠎ᠠ ᠰᠢᠭ᠋ ᠪᠣᠯᠣᠭᠰᠠᠨ ᠲᠡᠷᠡ ᠬᠥᠮᠥᠨ᠎ᠦ ᠨᠢᠭᠤᠷ᠎ᠲᠤ ᠬᠤᠶᠠᠷ ᠨᠢᠳᠦ ᠬᠢᠯᠠᠯᠵᠠᠵᠤ ᠪᠠᠢᠯ᠎ᠠ᠃
   – ᠡᠷ᠎ᠡ ᠬᠦᠮᠦᠨ᠂ ᠡᠷ᠎ᠡ ᠬᠥᠮᠥᠨ᠎ᠠᠴᠠ᠎ᠪᠠᠨ ᠠᠶᠤᠬᠤ ᠬᠡᠷᠡᠭ ᠦᠭᠡᠢ ᠭᠡᠳ ᠲᠡᠷᠡ ᠬᠥᠮᠥᠨ ᠢᠨᠢᠶᠡᠮᠰᠦᠭᠯᠡᠪᠡ᠃
   – ᠪᠢ ᠠᠶᠤᠭ᠎ᠠ ᠦᠭᠡᠢ ᠭᠡᠳ ᠬᠦᠦ ᠡᠪ ᠦᠭᠡᠢ ᠶᠠᠭᠤᠮ᠎ᠠ ᠭᠠᠷᠪᠠᠯ ᠪᠣᠴᠠᠭᠠᠳ ᠵᠢᠭᠤᠳᠠᠬᠤ᠎ᠳᠤ ᠪᠡᠯᠡᠬᠡᠨ ᠠᠯᠭᠤᠷᠬᠠᠨ ᠣᠢᠷᠠᠲᠤᠪᠠ᠃
   ᠬᠠᠳᠠᠭᠰᠠᠨ ᠰᠢᠷᠢᠨ ᠬᠥᠨᠵᠢᠯᠡ ᠳᠣᠲᠤᠷ᠎ᠠ ᠵᠥᠪᠬᠡᠨ ᠲᠣᠯᠣᠭᠠᠢ᠎ᠪᠠᠨ ᠭᠠᠷᠭᠠᠭᠠᠳ ᠬᠡᠪᠳᠠᠵᠦ ᠪᠠᠢᠭ᠎ᠠ ᠲᠡᠷᠡ ᠬᠥᠮᠥᠨ᠎ᠦ ᠨᠢᠳᠦ ᠭᠢᠯᠠᠯᠵᠠᠨ᠂ ᠴᠡᠯᠮᠡᠭ ᠬᠥᠬᠡ ᠲᠡᠭᠷᠢ ᠥᠭᠡᠳᠡ ᠴᠠᠪᠴᠢᠯ ᠦᠭᠡᠢ ᠰᠢᠷᠲᠡᠵᠦ ᠪᠠᠢᠪᠠ᠃
   – ᠠᠬ᠎ᠠ ᠡ᠂ ᠲᠠ ᠪᠣᠰ ᠯᠡ ᠳᠠ᠃
   – ᠠᠬ᠎ᠠ ᠨᠢ ᠰᠢᠷᠢᠯᠡᠭᠳᠡᠭᠰᠡᠨ ᠬᠥᠮᠥᠨ᠃ ᠯᠤᠤ ᠭᠥᠩ᠎ᠦᠨ ᠲᠠᠮᠠᠭᠠᠨ ᠳᠡᠭᠡᠷ᠎ᠡ᠎ᠠᠴᠠ ᠣᠷᠭᠣᠭᠠᠳ ᠡᠨᠳᠡ ᠢᠷᠡᠯ᠎ᠡ᠃ ᠬᠥᠮᠥᠨ ᠮᠡᠳᠡᠪᠡᠯ ᠨᠠᠮ᠎ᠠ᠎ᠶᠢ ᠪᠠᠷᠢᠵᠤ ᠠᠪᠤᠭᠠᠳ ᠠᠯᠠᠨ᠎ᠠ᠃ ᠭᠡᠪᠡᠴᠦ ᠡᠷ᠎ᠡ ᠬᠥᠮᠥᠨ᠂ ᠡᠷ᠎ᠡ ᠬᠥᠮᠥᠨ᠎ᠳᠡᠭᠡᠨ ᠬᠠᠢᠷᠠᠲᠠᠢ ᠪᠠᠢᠳᠠᠭ ᠪᠤᠯᠬᠤᠷ ᠠᠬ᠎ᠠ᠎ᠳᠠᠭᠠᠨ ᠲᠤᠰᠠ ᠪᠤᠯᠬᠣ᠌ ᠪᠠᠢᠬ᠎ᠠ ᠭᠡᠵᠦ ᠢᠲᠡᠭᠡᠵᠦ ᠪᠠᠢᠨ᠎ᠠ ᠭᠡᠯ᠎ᠡ᠃
   <<ᠡᠷ᠎ᠡ ᠬᠥᠮᠥᠨ᠂ ᠡᠷ᠎ᠡ ᠬᠥᠮᠥᠨ᠎ᠳᠡᠭᠡᠨ ᠬᠠᠢᠷᠠᠲᠠᠢ>> ᠭᠡᠳᠡᠭ ᠦᠭᠡ ᠬᠣᠩᠭᠣᠷ᠎ᠤᠨ ᠰᠡᠳᠬᠢᠯ᠎ᠳᠦ ᠬᠠᠷᠪᠤᠨ ᠣᠷᠣᠵᠤ᠂ ᠪᠠᠶᠠᠷ ᠲᠠᠢ ᠢᠨᠢᠶᠡᠮᠰᠦᠭᠯᠡᠨ᠂ ᠶᠡᠬᠡᠮᠰᠦᠭ᠎ᠢᠶᠡᠷ ᠬᠣᠭᠣᠯᠠᠢ᠎ᠪᠠᠨ ᠳᠦᠷᠢᠵᠦ ᠵᠠᠰᠠᠭᠠᠳ᠄
   – ᠪᠢ ᠲᠠᠨ᠎ᠳᠤ ᠶᠠᠭᠠᠬᠢᠵᠤ ᠲᠤᠰᠠ ᠪᠣᠯᠬᠤ ᠪᠤᠢ? ᠭᠡᠵᠦ ᠬᠢᠮᠡᠯ ᠪᠦᠳᠦᠭᠦᠨ ᠲᠠᠭᠤ᠎ᠪᠠᠷ ᠠᠰᠠᠭᠤᠭᠠᠳ ᠬᠠᠵᠠᠭᠤ ᠳ᠋ᠤᠨᠢ ᠲᠤᠯᠵᠤ ᠣᠴᠢᠪᠠ᠃
   – ᠳᠡᠭᠦᠦ ᠮᠢᠨᠢ ᠬᠤᠷᠴᠠ ᠬᠢᠳᠤᠭ᠎ᠠ᠂ ᠴᠢᠳᠠᠪᠠᠯ ᠳᠡᠪᠡᠯ ᠬᠣᠪᠴᠠᠰᠦ᠂ ᠬᠠᠵᠠᠭᠠᠷ᠂ ᠢᠳᠡᠬᠦ ᠶᠠᠭᠤᠮ᠎ᠠ ᠠᠪᠴᠢᠷ᠎ᠠ᠃ ᠬᠠᠷᠢᠨ ᠠᠬ᠎ᠠ᠎ᠶᠢ᠎ᠪᠡᠨ ᠬᠡᠨ᠎ᠳᠦ ᠴᠤ᠌ ᠬᠡᠯᠡᠵᠦ ᠪᠣᠯᠬᠤ ᠦᠭᠡᠢ ᠭᠡᠳ ᠲᠡᠷᠡ ᠬᠥᠮᠥᠨ ᠢᠨᠢᠶᠡᠮᠰᠦᠭᠯᠡᠵᠦ ᠲᠣᠮᠤ ᠬᠠᠷ᠎ᠠ ᠨᠢᠳᠦ᠎ᠪᠡᠨ ᠢᠷᠮᠡᠯ᠎ᠡ᠃
   – ᠪᠢ ᠴᠤ᠌ ᠡᠷ᠎ᠡ ᠬᠥᠮᠥᠨ᠂ ᠲᠠ ᠴᠤ᠌ ᠡᠷ᠎ᠡ ᠬᠦᠮᠦᠨ᠂ ᠵᠣᠳᠣᠭᠰᠠᠨ ᠴᠤ᠌ ᠬᠡᠯᠡᠬᠦ ᠦᠭᠡᠢ᠃ ᠪᠥᠭᠦᠳᠡ᠎ᠶᠢ ᠠᠪᠤᠭᠠᠳ ᠢᠷᠡᠨ᠎ᠡ ᠭᠡᠳ ᠬᠣᠩᠭᠣᠷ ᠶᠠᠪᠤᠬᠤ ᠭᠡᠰᠡᠨ᠎ᠢᠶᠡᠨ᠄
   – ᠠᠬ᠎ᠠ ᠡ᠂ ᠪᠢ ᠤᠷᠢᠳᠠᠪᠠᠷ ᠦᠨᠢᠶ᠎ᠡ᠎ᠪᠡᠨ ᠠᠪᠠᠴᠢᠵᠤ ᠦᠭᠭᠦᠨ᠎ᠡ᠃ ᠲᠠ ᠬᠦᠯᠢᠶᠡᠵᠦ ᠪᠠᠢᠭᠠᠷᠠᠢ᠃ ᠪᠢ ᠵᠠᠪᠠᠯ ᠢᠷᠡᠨ᠎ᠡ ᠭᠡᠳ ᠭᠦᠶᠦᠨ ᠣᠳᠤᠯ᠎ᠠ᠃
   ᠰᠢᠷᠢᠲᠠᠢ ᠬᠡᠪᠲᠡᠵᠦ ᠪᠠᠢᠭ᠎ᠠ ᠡᠨᠡ ᠬᠦᠮᠦᠨ᠎ᠢ ᠴᠠᠬᠢᠭᠤᠷ ᠲᠡᠮᠦᠷ ᠭᠡᠳᠡᠭ᠃ ᠥᠩᠭᠡᠷᠡᠭᠰᠡᠨ ᠨᠠᠮᠤᠷ ᠯᠤᠤ ᠭᠦᠩ᠎ᠦᠨ ᠨᠣᠶᠠᠨ ᠰᠦᠷᠦᠭ᠎ᠠᠴᠠ ᠲᠠᠰᠤᠯᠵᠤ ᠬᠥᠭᠡᠭᠡᠭᠡᠳ ᠭᠡᠨᠡᠳᠲᠡ ᠦᠶᠡᠷᠯᠡᠭᠰᠡᠨ ᠲᠠᠮᠢᠷ᠎ᠤᠨ ᠭᠤᠤᠯ᠎ᠳᠤ ᠮᠣᠷᠢᠨ᠎ᠡᠴᠡ᠎ᠪᠡᠨ ᠰᠠᠯᠵᠤ ᠦᠬᠦᠬᠦ᠎ᠶᠢᠨ ᠳᠠᠪᠠᠭᠠᠨ ᠳᠡᠭᠡᠷ᠎ᠡ ᠠᠪᠤᠷᠠᠭᠳᠠᠬᠤ᠎ᠶᠢᠨ ᠬᠠᠮᠲᠤ ᠪᠠᠷᠢᠭ᠍ᠳᠠᠵᠤ ᠬᠡᠳᠦ ᠬᠤᠨᠤᠭ ᠵᠠᠨᠴᠢᠭ᠍ᠳᠠᠨ ᠪᠠᠢᠴᠠᠭᠠᠭᠳᠠᠭᠰᠠᠨ ᠪᠣᠯᠪᠠᠴᠤ ᠨᠤᠲᠤᠭ ᠤᠰᠤ᠂ ᠨᠡᠷ᠎ᠡ ᠠᠯᠳᠠᠷ᠎ᠢᠶᠠᠨ ᠬᠡᠯᠡᠭᠰᠡᠨ ᠦᠭᠡᠢ᠃ ᠬᠡᠳᠦ ᠬᠡᠳᠦᠨ ᠬᠥᠮᠥᠨ ᠲᠠᠨᠢᠵᠤ ᠭᠡᠷᠴᠢᠯᠠᠬᠦ ᠳ᠋ᠤᠨᠢ << ᠲᠠ ᠠᠨᠳᠠᠭᠤᠷᠠᠨ᠂ ᠨᠢᠭᠦᠯ ᠬᠤᠷᠢᠶᠠᠵᠤ ᠪᠠᠢᠨ᠎ᠠ>> ᠭᠡᠳ ᠬᠡᠪ ᠨᠢᠭᠡ ᠢᠨᠢᠶᠡᠮᠰᠦᠭᠯᠡᠵᠦ ᠪᠠᠢᠵᠠᠢ᠃
   ᠬᠤᠯᠠᠭᠠᠢᠴᠢ ᠬᠥᠮᠥᠨ ᠬᠤᠰᠢᠭᠤ ᠨᠤᠲᠤᠭ᠎ᠢᠶᠠᠨ ᠬᠡᠯᠡᠪᠡᠯ ᠤ᠌ᠭ ᠬᠣᠰᠢᠭᠤ ᠨᠤᠲᠤᠭ ᠨᠢ ᠴᠢᠷᠦᠭᠳᠡᠵᠦ ᠲᠦᠯᠦᠪᠦᠷᠢ ᠲᠦᠯᠦᠵᠦ᠂ ᠣᠯᠠᠨ᠎ᠳᠤ ᠵᠣᠪᠠᠯᠠᠩ ᠲᠠᠷᠢᠭᠠᠳ ᠵᠢᠭᠰᠢᠭᠳᠡᠳᠡᠭ ᠪᠤᠯᠬᠤᠷ ᠰᠢᠯᠢ᠎ᠶᠢᠨ ᠰᠠᠢᠨ ᠡᠷ᠎ᠡ ᠪᠠᠷᠢᠭ᠍ᠳᠠᠬᠤ᠎ᠳᠠᠭᠠᠨ ᠨᠡᠷ᠎ᠡ ᠤᠰᠤ ᠨᠤᠲᠤᠭ ᠬᠣᠰᠢᠭᠤ᠎ᠪᠠᠨ ᠬᠡᠯᠡᠬᠦ ᠦᠭᠡᠢ᠎ᠶᠢ ᠬᠢᠴᠢᠶᠡᠳᠡᠭ᠃
   ᠲᠡᠮᠦᠷ ᠡᠷ᠎ᠡ ᠵᠢᠭᠠᠵᠤ ᠡᠷᠡᠭᠦᠦ ᠰᠢᠭᠦᠯᠲᠡ᠎ᠶᠢ ᠰᠢᠳᠦ ᠵᠠᠭᠤᠨ ᠳᠠᠪᠠᠵᠤ ᠦᠭᠡ ᠳᠤᠤᠭᠠᠷᠤᠭ᠎ᠠ ᠦᠭᠡᠢ ᠪᠤᠯᠪᠠᠴᠤ ᠠᠳᠤᠭᠤ ᠬᠦᠭᠡᠭᠡᠭᠰᠡᠨ ᠬᠡᠷᠡᠭ ᠨᠢ ᠳᠠᠩᠴᠢ ᠢᠯᠡ ᠪᠤᠯᠬᠤᠷ ᠰᠢᠷᠢᠯᠡᠭᠳᠡᠵᠦ ᠵᠢᠯ ᠰᠢᠬᠠᠮ ᠪᠣᠯᠣᠭᠠᠳ ᠬᠣᠶᠠᠷ ᠬᠣᠨᠣᠭ᠎ᠤᠨ ᠡᠮᠦᠨ᠎ᠡ ᠣᠷᠭᠣᠵᠤ ᠪᠥᠮᠪᠥᠷᠢᠭᠰᠡᠭᠡᠷ ᠤᠷᠢᠳᠤ ᠰᠦᠨᠢ ᠡᠨᠳᠡ ᠢᠷᠡᠵᠠᠢ᠃
   ᠲᠡᠮᠦᠷ ᠬᠡᠳᠦᠢ ᠴᠢᠳᠠᠯ ᠲᠠᠢ ᠪᠣᠯᠪᠠᠴᠤ᠂ ᠪᠡᠶ᠎ᠡ ᠳ᠋ᠤᠨᠢ ᠪᠠᠷᠢᠯᠳᠤᠵᠤ ᠬᠠᠲᠠᠭᠰᠠᠨ ᠰᠢᠷᠢ᠂ ᠥᠯ ᠬᠣᠭᠣᠯᠠ ᠦᠭᠡᠢ ᠠᠮᠢ ᠲᠠᠯᠪᠢᠭ᠍ᠰᠠᠨ ᠲᠡᠮᠡᠴᠡᠯ ᠬᠠᠮᠤᠭ ᠬᠦᠴᠦ᠎ᠶᠢ ᠨᠢ ᠰᠢᠪᠬᠠᠵᠤ᠂ ᠤᠬᠠᠭᠠᠨ ᠪᠤᠳᠣᠯ ᠨᠢ ᠣᠢᠮᠣᠷᠠᠵᠤ ᠲᠤᠢᠯᠳᠠᠭᠰᠠᠨ ᠦᠶ᠎ᠡ᠎ᠳᠡᠭᠡᠨ ᠬᠣᠩᠭᠣᠷ ᠲᠠᠢ ᠲᠠᠭᠠᠷᠠᠯᠳᠤᠵᠠᠢ᠃
   ᠬᠦᠦ ᠦᠨᠢᠶ᠎ᠡ᠎ᠪᠡᠨ ᠲᠠᠭᠤᠭᠠᠳ ᠭᠡᠷ᠎ᠲᠡᠬᠡᠨ ᠣᠢᠷᠠᠳᠤᠵᠤ ᠣᠴᠢᠬᠤ᠎ᠳᠤ ᠠᠳᠤᠭᠤ ᠮᠠᠨᠠᠭᠠᠳ ᠤᠷᠭ᠎ᠠ᠎ᠪᠠᠨ ᠴᠢᠷᠦᠨ ᠭᠡᠯᠳᠦᠷᠢᠭᠰᠡᠭᠡᠷ ᠭᠡᠷ᠎ᠦᠨ ᠵᠦᠭ ᠶᠠᠪᠤᠵᠤ ᠪᠠᠢᠭ᠍ᠰᠠᠨ ᠭᠠᠯᠰᠠᠩ ᠲᠠᠢ ᠠᠭᠤᠯᠵᠠᠪᠠ᠃
   – ᠬᠣᠩᠭᠣᠷ ᠬᠦᠦ ᠰᠠᠢᠨ ᠬᠣᠨᠤᠪᠠ ᠦᠦ?
   ᠬᠣᠩᠭᠣᠷ ᠬᠠᠷᠢᠭᠤ ᠳᠤᠤᠭᠠᠷᠤᠭᠰᠠᠨ ᠦᠭᠡᠢ᠂ ᠲᠡᠷᠭᠡᠲᠡᠭᠦᠷ ᠨᠢ ᠥᠩᠭᠡᠷᠡᠪᠡ᠃ ᠵᠢᠯᠠᠭᠠᠨ᠎ᠳᠤ ᠪᠠᠢᠭ᠎ᠠ ᠬᠥᠮᠥᠨ᠎ᠳᠦ ᠶᠠᠮᠠᠷ ᠠᠷᠭ᠎ᠠ᠎ᠪᠠᠷ ᠬᠡᠨ᠎ᠳᠦ ᠴᠤ᠌ ᠮᠡᠳᠡᠭᠳᠡᠯ ᠦᠭᠡᠢ ᠲᠤᠰᠠ ᠬᠦᠷᠭᠡᠬᠦ ᠪᠢᠯᠡ ᠭᠡᠬᠦ᠎ᠠᠴᠠ ᠥᠭᠡᠷ᠎ᠡ ᠪᠣᠳᠣᠯ ᠪᠠᠢᠭ᠎ᠠ ᠦᠭᠡᠢ ᠪᠤᠯᠬᠤᠷ ᠭᠠᠯᠰᠠᠩ ᠲᠠᠢ ᠶᠠᠷᠢᠶ᠎ᠠ ᠳᠡᠯᠭᠡᠬᠦ ᠵᠠᠪ ᠴᠤ᠌᠂ ᠬᠦᠰᠡᠯ ᠴᠤ᠌ ᠦᠭᠡᠢ ᠪᠠᠢᠵᠠᠢ᠃
   – ᠶᠠᠭᠤᠨ᠎ᠳᠤ ᠳᠠᠭᠤ᠎ᠪᠠᠨ ᠬᠤᠷᠢᠶᠠᠴᠢᠬᠠᠪᠠ? ᠠᠬ᠎ᠠ᠎ᠡᠴᠡ ᠭᠠᠪᠠᠭ ᠬᠥᠷᠳᠡᠭᠡ ᠦᠦ? ᠭᠡᠵᠦ ᠭᠠᠯᠰᠠᠩ ᠠᠰᠠᠭᠤᠭᠠᠳ ᠢᠨᠢᠶᠡᠪᠡ᠃
   ᠭᠠᠯᠰᠠᠩ᠎ᠢ ᠭᠡᠷ᠎ᠲᠡᠬᠡᠨ ᠣᠷᠣᠬᠣ᠌᠎ᠳᠤ ᠳᠤᠯᠮ᠎ᠠ ᠬᠣᠪᠢᠩ᠎ᠢᠶᠠᠨ ᠪᠠᠷᠢᠭᠠᠳ ᠦᠨᠢᠶ᠎ᠡ᠎ᠳᠡᠭᠡᠨ ᠭᠠᠷᠬᠤ ᠭᠡᠵᠦ ᠪᠠᠢᠪᠠ᠃
   – ᠳᠤᠯᠮ᠎ᠠ ᠴᠢ ᠵᠠᠳᠠᠷᠠᠵᠤ ᠪᠠᠢᠨ᠎ᠠ ᠰᠢᠦ!
   – ᠶᠠᠭᠠᠬᠢᠪ?
   – ᠥᠷᠭᠦᠯᠵᠢ ᠠᠬ᠎ᠠ᠎ᠪᠠᠷ ᠡᠷᠦᠬᠡ ᠲᠠᠲᠠᠭᠤᠯᠵᠤ ᠪᠠᠢᠬᠤ ᠶᠤᠮ᠃ ᠢᠯᠵᠢᠷᠠᠲᠠᠯ᠎ᠠ ᠤᠨᠳᠠᠭᠠᠳ ᠪᠤᠶᠠᠨ ᠲᠠᠢ ᠬᠥᠮᠥᠨ᠎ᠢ ᠵᠠᠷᠤᠵᠤ ᠪᠠᠢᠵᠤ ᠵᠠᠶᠠᠭ᠎ᠠ ᠪᠤᠶᠠᠨ᠎ᠢᠶᠠᠨ ᠭᠦᠪᠢᠴᠢᠬᠡᠨ᠎ᠡ ᠰᠢᠦ ᠵᠤᠯᠢᠭ᠋ ᠮᠢᠨᠢ᠃ ᠴᠢ ᠪᠤᠶᠠᠨ᠎ᠢ ᠨᠢ ᠳᠠᠭᠠᠭᠠᠬᠤ ᠦᠭᠡᠢ ᠰᠢᠦ᠃
   – ᠭᠦᠪᠢᠴᠢᠬᠡᠨ᠎ᠡ ᠪᠠᠢᠬ᠎ᠠ ᠭᠡᠵᠦ ᠠᠶᠤᠬᠤ ᠵᠠᠶᠠᠭ᠎ᠠ ᠪᠤᠶᠠᠨ ᠨᠠᠳᠠ ᠪᠠᠢᠬᠤ ᠦᠭᠡᠢ ᠭᠡᠵᠦ ᠳᠤᠯᠮ᠎ᠠ ᠭᠡᠭᠵᠢᠬᠦᠨ ᠢᠨᠢᠶᠡᠮᠰᠦᠭᠯᠡᠨ ᠬᠡᠯᠡᠭᠡᠳ ᠬᠠᠭᠠᠯᠭ᠎ᠠ᠎ᠪᠠᠨ ᠲᠠᠰᠬᠢᠳᠡᠯ᠎ᠡ ᠬᠠᠶᠠᠭᠠᠳ ᠭᠠᠷᠤᠯ᠎ᠠ᠃
   – ᠲᠡᠨᠡᠭ ᠬᠢᠴᠢᠢ ᠭᠡᠵᠦ ᠭᠠᠯᠰᠠᠩ ᠬᠤᠢᠨ᠎ᠠ᠎ᠡᠴᠡ ᠨᠢ ᠬᠠᠰᠬᠢᠷᠤᠭᠠᠳ ᠪᠠᠷᠢᠵᠤ ᠢᠷᠡᠭᠰᠡᠨ ᠴᠠᠷᠳᠠᠮᠠᠯ ᠴᠤᠪᠠ᠎ᠪᠠᠨ ᠣᠷᠤ ᠤᠷᠤᠭᠤ᠎ᠪᠠᠨ ᠠᠭᠤᠷ ᠲᠠᠢ ᠴᠢᠯᠠᠭᠤᠳᠠᠪᠠ᠃ ᠬᠣᠩᠭᠣᠷ ᠦᠨᠢᠶ᠎ᠡ ᠰᠠᠭᠠᠬᠤ᠂ ᠤᠨᠠᠭ᠎ᠠ ᠪᠠᠷᠢᠬᠤ᠎ᠶᠢ ᠳᠠᠯᠢᠮᠳᠠᠭᠤᠯᠤᠨ ᠠᠪᠤ᠎ᠶᠢᠨ᠎ᠢᠶᠡᠨ ᠬᠤᠷᠴᠠ ᠬᠢᠳᠤᠭ᠎ᠠ᠂ ᠣᠳᠣᠨᠴᠤᠤ ᠴᠤᠪᠠ᠂ ᠬᠠᠵᠠᠭᠠᠷ᠂ ᠭᠦᠵᠡᠭᠡᠨ᠎ᠦ ᠪᠤᠯᠤᠩ ᠲᠤᠰᠣ᠌ ᠵᠡᠷᠭᠡ ᠶᠠᠭᠤᠮ᠎ᠠ ᠴᠤᠭᠯᠠᠭᠤᠯᠤᠨ ᠭᠡᠷ᠎ᠠᠴᠠ᠎ᠪᠠᠨ ᠨᠡᠯᠢᠶᠡᠳ ᠵᠠᠢᠲᠠᠢ ᠭᠠᠵᠠᠷ ᠨᠢᠭᠤᠵᠤ ᠠᠮᠵᠢᠪᠠ᠃ ᠢᠩᠬᠢᠭᠡᠳ ᠰᠣᠪᠠᠢ ᠠᠳᠤᠭᠤ ᠭᠡᠯᠢᠬᠦ ᠵᠠᠮ᠎ᠳᠠᠭᠠᠨ ᠶᠠᠭᠤᠮ᠎ᠠ᠎ᠪᠠᠨ ᠠᠪᠤᠭᠠᠳ ᠶᠠᠪᠤᠵᠤ ᠪᠠᠢᠳᠠᠯ᠎ᠠ ᠬᠣᠨᠢᠨ᠎ᠤ ᠬᠣᠢᠨ᠎ᠠ᠎ᠡᠴᠡ ᠳᠠᠭᠠᠵᠦ ᠶᠠᠪᠤᠭᠰᠠᠨ ᠳᠤᠯᠮ᠎ᠠ ᠲᠠᠢ ᠲᠠᠭᠠᠷᠢᠯᠳᠤᠪᠠ᠃
   – ᠢᠨᠠᠳᠤᠬᠢ ᠰᠢᠭᠣᠳᠠᠢ ᠲᠠᠢ ᠴᠢᠨᠢ ᠶᠠᠭᠤ ᠪᠤᠢ? ᠭᠡᠵᠦ ᠳᠤᠯᠮ᠎ᠠ᠎ᠶᠢᠨ ᠠᠰᠠᠭᠤᠬᠤ᠎ᠳᠤ ᠬᠦᠦ ᠬᠦᠮᠦᠬᠡᠢ᠎ᠪᠡᠨ ᠵᠠᠭᠤᠨ᠂ ᠲᠠᠰᠢᠭᠤᠷ᠎ᠢᠶᠠᠷ᠎ᠢᠶᠠᠨ << ᠴᠢᠮᠡᠭᠡ ᠦᠭᠡᠢ >> ᠭᠡᠵᠦ ᠳᠣᠬᠢᠶ᠎ᠠ ᠥᠭᠭᠦᠭᠡᠳ ᠤᠢᠷᠠᠲᠤᠨ ᠣᠴᠢᠪᠠ᠃
   – ᠡᠷ᠎ᠡ ᠬᠥᠮᠥᠨ᠂ ᠡᠷ᠎ᠡ ᠬᠥᠮᠥᠨ᠎ᠳᠡᠭᠡᠨ ᠬᠠᠢᠷ᠎ᠠ ᠲᠠᠢ!
   – ᠶᠠᠭᠤ? ᠡᠷ᠎ᠡ ᠬᠥᠮᠥᠨ᠂ ᠡᠷ᠎ᠡ ᠬᠥᠮᠥᠨ᠎ᠳᠡᠭᠡᠨ ᠬᠠᠢᠷ᠎ᠠ ᠲᠠᠢ ᠭᠡᠨ᠎ᠡ ᠡ ᠭᠡᠳ ᠳᠤᠯᠮ᠎ᠠ ᠲᠠᠴᠢᠬᠢᠨᠠᠲᠠᠯ᠎ᠠ ᠢᠨᠢᠶᠡᠬᠦ ᠵᠠᠭᠤᠷ᠎ᠠ ᠶᠠᠭᠤᠮ᠎ᠠ᠎ᠶᠢ ᠨᠢ ᠠᠵᠢᠭ᠍ᠯᠠᠨ ᠬᠠᠷᠠᠭᠰᠠᠨ᠎ᠢᠶᠠᠨ᠂ << ᠴᠢ ᠬᠡᠭᠡᠷ᠎ᠡ ᠡᠷᠬᠡᠯᠡᠬᠦ ᠭᠡᠵᠦ ᠶᠠᠪᠤᠭ᠎ᠠ ᠶᠤᠮ ᠦᠦ?>> ᠭᠡᠵᠦ ᠠᠰᠠᠭᠤᠪᠠ᠃
   – ᠡᠭᠡᠴᠢ ᠡ᠂ ᠬᠡᠨ᠎ᠳᠦ ᠴᠤ᠌ ᠪᠢᠳᠡᠬᠡᠢ ᠬᠡᠯᠡᠭᠡᠷᠡᠢ᠃
   – ᠬᠡᠯᠡᠬᠦ ᠦᠭᠡᠢ᠃
   ᠰᠤᠪᠠᠢ ᠠᠳᠤᠭᠤ᠎ᠪᠠᠨ ᠪᠡᠯᠴᠢᠭᠡᠷ᠎ᠲᠦ ᠭᠠᠷᠭᠠᠵᠤ ᠣᠷᠬᠢᠭᠠᠳ ᠪᠣᠴᠠᠬᠣ᠌ ᠵᠠᠮ᠎ᠳᠠᠭᠠᠨ ᠲᠡᠮᠦᠷ ᠳᠡᠭᠡᠷ᠎ᠡ ᠣᠴᠢᠪᠠ᠃ ᠭᠡᠳᠡᠯ᠎ᠡ ᠬᠠᠭᠤᠴᠢᠨ ᠪᠠᠢᠷᠢᠨ᠎ᠳᠠᠭᠠᠨ ᠠᠯᠠᠭ᠎ᠠ ᠪᠠᠢᠪᠠ᠃
   – ᠠᠬ᠎ᠠ ᠡ᠂ ᠲᠠ ᠬᠠᠮᠢᠭ᠎ᠠ ᠪᠠᠢᠨ᠎ᠠ ᠭᠡᠵᠦ ᠠᠶᠠᠷᠬᠠᠨ ᠳᠠᠭᠤᠳᠠᠪᠠ᠃ ᠬᠠᠵᠠᠭᠤ ᠲᠠᠯ᠎ᠠ᠎ᠶᠢᠨ ᠡᠷᠭᠢ᠎ᠠᠴᠠ << ᠪᠢ ᠡᠨᠳᠡ ᠪᠠᠢᠨ᠎ᠠ᠂ ᠬᠦᠷᠦᠭᠡᠳ ᠢᠷ᠎ᠡ>> ᠭᠡᠵᠦ ᠳᠠᠭᠤᠳᠠᠪᠠ᠃ ᠬᠣᠩᠭᠣᠷ ᠬᠤᠷᠴᠠ ᠬᠢᠳᠤᠭ᠎ᠠ᠎ᠪᠠᠷ ᠤᠳᠠᠭᠠᠨ ᠨᠣᠴᠣᠯᠳᠤᠵᠤ ᠪᠠᠢᠵᠤ ᠰᠢᠷᠢᠯᠡᠭᠰᠡᠨ ᠰᠢᠷᠢ᠎ᠶᠢ ᠰᠠᠯᠭᠠᠪᠠ᠃ ᠲᠡᠷᠡ ᠬᠥᠮᠥᠨ ᠳᠡᠪᠡᠯ ᠬᠣᠪᠴᠠᠰᠤ ᠲᠠᠢ ᠪᠣᠯᠪᠠᠴᠤ᠂ ᠳᠡᠭᠡᠬᠦᠷ ᠨᠢ ᠪᠡᠯᠴᠢᠵᠦ ᠪᠠᠢᠭ᠎ᠠ ᠪᠦᠭᠡᠰᠦ᠎ᠶᠢ ᠬᠠᠷᠠᠬᠤ ᠠᠷᠭ᠎ᠠ ᠦᠭᠡᠢ ᠠᠵᠠᠢ᠃
   – ᠠᠬ᠎ᠠ ᠡ᠂ ᠶᠠᠮᠠᠷ ᠶᠡᠬᠡ ᠪᠦᠭᠡᠰᠦ ᠪᠤᠢ ᠭᠡᠵᠤ ᠬᠣᠩᠭᠣᠷ᠎ᠤᠨ ᠠᠰᠠᠭᠤᠬᠤ᠎ᠳᠤ ᠪᠣᠰᠬᠤ ᠭᠡᠳ ᠴᠢᠳᠠᠯ ᠦᠭᠡᠢ ᠪᠣᠴᠠᠵᠤ ᠬᠡᠪᠲᠡᠭᠰᠡᠨ ᠲᠡᠮᠦᠷ << ᠲᠠᠢᠰᠢᠷᠢ ᠮᠢᠨᠢ >> ᠭᠡᠵᠦ ᠰᠢᠪᠡᠭᠡᠨᠡᠭᠡᠳ ᠨᠢᠳᠦ᠎ᠪᠡᠨ ᠠᠨᠢᠵᠤ ᠠᠯᠭᠤᠷ ᠳᠦᠷᠪᠡᠨ ᠮᠥᠴᠢ᠎ᠪᠡᠨ ᠬᠥᠳᠡᠯᠭᠡᠵᠦ ᠡᠬᠢᠯᠡᠪᠡ᠃
   – ᠠᠬ᠎ᠠ᠎ᠶᠢᠨ ᠬᠢᠨᠢ ᠲᠣᠯᠣᠭᠠᠢ ᠡᠷᠭᠢᠵᠦ ᠪᠠᠢᠨ᠎ᠠ ᠭᠡᠵᠦ ᠰᠢᠪᠡᠭᠡᠨᠡᠪᠡ᠃
   ᠪᠡᠶ᠎ᠡ᠎ᠪᠡᠨ ᠡᠢᠮᠦ ᠬᠠᠲᠠᠭᠤ ᠰᠢᠷᠢᠨ᠎ᠳᠦ ᠪᠣᠭᠣᠯᠭᠠᠵᠤ ᠥᠳᠠᠭᠦᠯᠦᠭᠰᠡᠨ ᠪᠣᠯᠪᠠᠴᠤ ᠡᠳᠦᠷ ᠬᠤᠯᠠ ᠭᠠᠵᠠᠷ ᠭᠠᠵᠠᠷ ᠶᠠᠪᠤᠵᠤ ᠢᠷᠡᠭᠰᠡᠨ ᠡᠨᠡ ᠬᠦᠮᠦᠨ᠎ᠢ ᠬᠠᠷᠠᠬᠤ ᠲᠣᠰᠤᠮ ᠬᠣᠩᠭᠣᠷ᠎ᠤᠨ ᠰᠡᠳᠬᠢᠯ ᠬᠦᠭᠡᠷᠦᠨ᠂ ᠪᠣᠭᠣᠨᠢ ᠠᠮᠢᠳᠤᠷᠠᠯ᠎ᠳᠠᠭᠠᠨ ᠣᠯᠠᠨᠲᠠ ᠰᠣᠨᠣᠰᠤᠭᠰᠠᠨ << ᠭᠡᠷ᠎ᠲᠦ ᠣᠷᠣᠵᠤ᠂ ᠭᠡᠭᠡᠨ᠎ᠳᠦ ᠮᠥᠷᠭᠦᠳᠡᠭ ᠦᠭᠡᠢ >> ᠰᠠᠢᠨ ᠡᠷ᠎ᠡ᠎ᠶᠢᠨ ᠲᠤᠬᠠᠢ ᠶᠠᠷᠢᠶ᠎ᠠ᠎ᠨᠤᠭᠤᠳ ᠰᠡᠳᠬᠢᠯ ᠳ᠋ᠤᠨᠢ ᠬᠦᠪᠴᠦ ᠪᠠᠢᠨ᠎ᠠ᠃
   – ᠲᠠ ᠰᠢᠯᠢ᠎ᠶᠢᠨ ᠰᠠᠢᠨ ᠡᠷ᠎ᠡ ᠦᠦ? ᠭᠡᠵᠤ ᠬᠣᠩᠭᠣᠷ ᠲᠠᠪᠴᠢᠯ ᠦᠭᠡᠢ ᠠᠰᠠᠭᠤᠪᠠ᠂ ᠲᠡᠮᠦᠷ ᠨᠢᠳᠦ᠎ᠪᠡᠨ ᠠᠯᠭᠤᠷ ᠨᠡᠬᠡᠭᠡᠵᠦ᠂ ᠬᠦᠦ᠎ᠶᠢ ᠤᠳᠠᠳᠠᠯ᠎ᠠ ᠰᠢᠷᠳᠡᠵᠦ ᠪᠠᠢᠭ᠍ᠰᠠᠨ᠎ᠢᠶᠠᠨ ᠢᠨᠢᠶᠡᠮᠰᠦᠭᠯᠡᠬᠦ ᠮᠡᠲᠦ ᠪᠣᠯᠪᠠ᠃
   – ᠴᠢ ᠵᠠᠰᠠᠭᠲᠤ ᠬᠠᠨ᠎ᠤ ᠴᠠᠬᠢᠭᠣᠷ ᠲᠡᠮᠦᠷ ᠭᠡᠵᠦ ᠰᠣᠨᠣᠰᠤᠭᠰᠠᠨ ᠦᠦ?
   ᠥᠩᠭᠡᠷᠡᠭᠰᠡᠨ ᠵᠢᠯ ᠲᠠᠮᠠᠭ᠎ᠠ᠎ᠶᠢᠨ ᠵᠢᠰᠢᠶᠠᠨ ᠳᠡᠭᠡᠷ᠎ᠡ ᠬᠠᠯᠬ᠎ᠠ ᠳᠠᠶᠠᠭᠠᠷ ᠴᠤᠤ ᠭᠠᠷᠤᠭᠰᠠᠨ ᠵᠠᠰᠠᠭᠲᠤ ᠬᠠᠨ᠎ᠤ ᠴᠠᠬᠢᠭᠤᠷ ᠲᠡᠮᠦᠷ ᠭᠡᠭᠴᠢ ᠰᠠᠢᠨ ᠡᠷ᠎ᠡ ᠪᠠᠷᠢᠭ᠍ᠳᠠᠭᠠᠳ ᠪᠠᠢᠴᠠᠭᠠᠭᠳᠠᠵᠤ ᠪᠠᠢᠨ᠎ᠠ ᠭᠡᠰᠡᠨ ᠶᠠᠷᠢᠶ᠎ᠠ᠎ᠶᠢ ᠰᠣᠨᠣᠰᠴᠤ ᠪᠢᠯᠡ᠃
   – ᠰᠣᠨᠤᠰᠤᠭᠰᠠᠨ᠂ ᠠᠬ᠎ᠠ ᠡ᠃ ᠲᠠ ᠴᠠᠬᠢᠭᠣᠷ ᠲᠡᠮᠦᠷ ᠦᠦ?
   – ᠲᠡᠢᠮᠦ᠃ ᠪᠢ ᠴᠠᠬᠢᠭᠤᠷ ᠲᠡᠮᠦᠷ᠃
   ᠲᠦᠮᠡᠨ᠎ᠳᠦ ᠠᠯᠳᠠᠷᠰᠢᠭ᠍ᠰᠠᠨ ᠮᠣᠨᠳᠠᠭ ᠡᠷ᠎ᠡ᠎ᠳᠦ ᠲᠤᠰᠠ ᠪᠣᠯᠤᠭᠠᠳ ᠵᠡᠷᠭᠡᠴᠡᠨ ᠶᠠᠷᠢᠵᠤ ᠪᠠᠢᠭ᠎ᠠ᠎ᠳᠠᠭᠠᠨ ᠪᠠᠶᠠᠷᠯᠠᠭᠰᠠᠨ ᠬᠦᠦ ᠨᠢᠳᠦ᠎ᠪᠠᠨ ᠳᠦᠷᠯᠡᠢᠯᠭᠡᠨ ᠮᠠᠷᠰᠠᠢᠨ ᠢᠨᠢᠶᠡᠪᠡ᠃
   – ᠳᠡᠭᠦᠦ᠎ᠶᠢᠨ ᠨᠡᠷ᠎ᠡ ᠬᠡᠨ ᠪᠢᠯᠡ?
   – ᠬᠣᠩᠭᠣᠷ᠃ ᠯᠤᠤ ᠭᠦᠩ᠎ᠦᠨ ᠪᠠᠶᠠᠨ ᠢᠳᠡᠭᠡᠯᠲᠥ᠍᠎ᠶᠢᠨ ᠬᠦᠦ ᠭᠡᠵᠦ ᠨᠠᠷᠢᠬᠠᠨ ᠲᠠᠭᠤ᠎ᠪᠠᠷ ᠴᠣᠪᠣᠭᠣ᠌ ᠭᠡᠭᠴᠢ ᠨᠢ ᠬᠠᠷᠢᠭᠤᠯᠪᠠ᠃
   ᠤᠳᠠᠯ ᠦᠭᠡᠢ ᠲᠡᠮᠦᠷ ᠪᠣᠰᠴᠣ᠌ ᠲᠡᠪᠡᠯ ᠬᠣᠪᠴᠠᠰᠦ᠎ᠪᠠᠨ ᠲᠠᠢᠯᠤᠨ᠂ ᠵᠠᠷᠢᠮ᠎ᠢ ᠨᠢ ᠭᠠᠵᠠᠷ ᠪᠣᠯᠠᠵᠤ᠂ ᠵᠠᠷᠢᠮ᠎ᠢ ᠨᠢ ᠭᠦᠪᠢᠵᠦ ᠰᠡᠭᠰᠦᠷᠦᠨ ᠡᠮᠦᠰᠪᠡ᠃ ᠭᠠᠳᠠᠭᠤᠷ ᠨᠢ ᠬᠣᠩᠭᠣᠷ᠎ᠤᠨ ᠠᠪᠴᠢᠷᠠᠭᠰᠠᠨ ᠣᠳᠣᠨᠴᠤᠤ ᠴᠤᠪᠠ᠎ᠶᠢ ᠡᠮᠦᠰᠦᠭᠡᠳ ᠪᠦᠰᠡᠯᠡᠪᠡ᠃
   ᠡᠨᠡ ᠭᠠᠢᠬᠠᠮᠰᠢᠭ᠍ᠲᠤ ᠡᠷ᠎ᠡ᠎ᠶᠢᠨ ᠬᠥᠳᠡᠯᠭᠡᠭᠡᠨ ᠪᠦᠬᠦᠨ ᠬᠦᠦ᠎ᠳᠦ ᠶᠡᠷᠦ ᠪᠤᠰᠤ᠎ᠶᠢᠨ ᠶᠠᠭᠤᠮ᠎ᠠ ᠰᠢᠭ᠋ ᠰᠠᠨᠠᠭᠳᠠᠵᠤ ᠪᠠᠢᠪᠠ᠃ ᠢᠯᠠᠩᠭᠤᠶ᠎ᠠ ᠭᠦᠵᠡᠭᠡᠨ᠎ᠦ ᠪᠣᠯᠣᠩ ᠲᠣᠰᠣ᠌᠎ᠶᠢ ᠬᠡᠳᠦᠬᠡᠨ ᠡᠮᠬᠦᠭᠡᠳ ᠠᠯᠠᠭ᠎ᠠ ᠪᠣᠯᠭᠠᠵᠤ᠂ ᠬᠠᠨᠴᠤᠢ᠎ᠪᠠᠷ᠎ᠢᠶᠠᠨ ᠠᠮᠠ᠎ᠪᠠᠨ ᠱᠣᠳᠣᠷᠣᠨ ᠠᠷᠴᠢᠭᠠᠳ ᠬᠣᠭᠣᠰᠣᠨ ᠭᠦᠵᠡᠭᠡ᠎ᠶᠢ ᠨᠢ ᠲᠡᠷᠡ ᠬᠣᠯᠠ ᠰᠢᠳᠡᠵᠦ ᠣᠷᠬᠢᠬᠤ ᠨᠢ ᠬᠡᠨ ᠴᠤ᠌ ᠴᠢᠳᠠᠮ᠎ᠠ ᠦᠭᠡᠢ ᠭᠠᠢᠬᠠᠮᠰᠢᠭ᠍ᠲᠣ᠌ ᠶᠠᠭᠤᠮ᠎ᠠ ᠮᠡᠲᠦ ᠪᠣᠳᠣᠭᠳᠠᠪᠠ᠃
   – ᠵᠠ ᠳᠡᠭᠦᠦ ᠮᠢᠨᠢ ᠣᠷᠲᠣ᠌ ᠨᠠᠰᠤᠯᠠᠵᠤ ᠤᠳᠠᠭᠠᠨ ᠵᠢᠷᠭᠠᠭᠠᠷᠠᠢ! ᠠᠬ᠎ᠠ ᠨᠢ ᠡᠷ᠎ᠡ ᠬᠥᠮᠥᠨ᠎ᠦ ᠠᠴᠢ᠎ᠶᠢ ᠬᠠᠷᠢᠭᠤᠯᠵᠤ ᠴᠢᠳᠠᠨ᠎ᠠ᠃ ᠵᠠᠮ᠎ᠤᠨ ᠬᠦᠵᠦᠭᠦᠦ ᠤᠷᠲᠤ᠂ ᠵᠠᠭᠠᠨ᠎ᠤ ᠬᠦᠵᠦᠭᠦᠦ ᠪᠤᠭᠤᠨᠢ ᠪᠣᠯᠬᠤᠷ ᠠᠭᠤᠯᠵᠠᠨ᠎ᠠ ᠳᠠ᠃ ᠣᠳᠣ᠌ ᠳᠡᠭᠦᠦ ᠮᠢᠨᠢ ᠬᠠᠷᠢ ᠭᠡᠵᠦ ᠲᠡᠮᠦᠷ ᠬᠡᠯᠡᠪᠡ᠃
   ᠬᠣᠩᠭᠣᠷ᠂ ᠬᠢᠳᠤᠭ᠎ᠠ᠎ᠪᠠᠨ ᠠᠪᠴᠤ ᠮᠣᠷᠳᠠᠭᠠᠳ ᠭᠡᠷ᠎ᠦᠨ ᠵᠦᠭ ᠰᠠᠵᠢᠯᠠᠨ ᠶᠠᠪᠤᠵᠤ ᠪᠠᠢᠬᠤ᠎ᠳᠠᠭᠠᠨ << ᠡᠷ᠎ᠡ ᠬᠥᠮᠥᠨ᠂ ᠡᠷ᠎ᠡ ᠬᠥᠮᠥᠨ᠎ᠳᠡᠭᠡᠨ ᠬᠠᠢᠷᠡᠲᠠᠢ >> ᠭᠡᠵᠤ ᠲᠠᠪᠳᠠᠨ᠂ ᠲᠠᠬᠢᠨ ᠲᠠᠬᠢᠨ ᠡᠷᠭᠢᠵᠦ ᠬᠠᠷᠠᠭᠰᠠᠭᠠᠷ ᠢᠷᠡᠪᠡᠯ ᠵᠡᠯ᠎ᠡ ᠤᠶᠠᠭᠠᠨ ᠳᠡᠭᠡᠷ᠎ᠡ ᠨᠢ ᠥᠯᠦ ᠲᠠᠨᠢᠬᠤ ᠬᠣᠶᠠᠷ ᠮᠣᠷᠢ ᠪᠠᠢᠯ᠎ᠠ᠃
   << ᠮᠠᠨ᠎ᠳᠤ ᠬᠡᠨ ᠢᠷᠡᠭᠡ ᠶᠤᠮ ᠪᠤᠯ? >> ᠭᠡᠵᠦ ᠪᠤᠳᠣᠭᠠᠳ ᠭᠡᠷ᠎ᠲᠡᠬᠡᠨ ᠣᠷᠤᠪᠠᠯ ᠢᠵᠢᠯᠢᠬᠡᠨ ᠬᠠᠭᠤᠴᠢᠨ ᠰᠢᠷ᠎ᠠ ᠴᠢᠰᠴᠠᠤ ᠬᠠᠨᠳᠠᠭᠠᠵᠠ ᠲᠠᠢ ᠬᠣᠶᠠᠷ ᠬᠥᠮᠥᠨ ᠳᠣᠯᠤ ᠬᠤᠯᠤ ᠲᠠᠢ ᠠᠢᠷᠠᠭ ᠤᠤᠭᠤᠨ ᠠᠪᠤ ᠲᠠᠢ ᠨᠢ ᠶᠠᠷᠢᠵᠤ ᠪᠠᠢᠪᠠ᠃
   – ᠢᠳᠡᠭᠡᠯᠲᠥ᠍ ᠭᠣᠸᠠᠢ ᠲᠠ ᠰᠢᠭᠦᠭ᠌ᠳᠠᠵᠦ ᠪᠠᠢᠬᠤ᠎ᠶᠢ ᠨᠢ ᠬᠠᠷᠠᠭᠰᠠᠨ ᠪᠤᠯ ᠶᠠᠭᠠᠬᠢᠨ᠎ᠠ᠃ ᠬᠣᠩᠭᠣᠨ᠎ᠤ ᠬᠢᠨᠢ ᠴᠢᠰᠤ ᠨᠢᠭᠤᠷ ᠤᠷᠤᠭᠤ ᠦᠰᠦᠷᠦᠭᠡᠳ ᠪᠠᠢᠬᠤ᠎ᠳᠤ ᠰᠢᠳᠦ ᠨᠢ ᠬᠢᠬᠤᠳᠤᠨᠠᠬᠤ᠎ᠠᠴᠠ ᠥᠭᠡᠷ᠎ᠡ ᠴᠢᠮᠡᠭᠡ ᠭᠠᠷᠳᠠᠭ ᠦᠭᠡᠢ ᠨᠤᠬᠠᠢ ᠳᠠ᠃ ᠴᠠᠬᠢᠭᠤᠷ ᠲᠡᠮᠦᠷ ᠴᠤ᠌ ᠡᠷ᠎ᠡ᠎ᠶᠢᠨ ᠬᠤᠪᠢ᠎ᠳᠤ ᠡᠷ᠎ᠡ ᠡ᠃ ᠪᠠᠷᠢᠵᠤ ᠠᠪᠤᠭᠠᠳ ᠠᠬ᠎ᠠ ᠨᠢ ᠮᠥᠴᠢ ᠮᠥᠴᠢ᠎ᠪᠡᠷ ᠨᠢ ᠵᠢᠬᠢᠷᠢᠭᠯᠡᠵᠦ ᠪᠠᠢᠭᠠᠳ ᠮᠥᠯᠵᠢᠵᠦ ᠣᠷᠬᠢᠨ᠎ᠠ ᠳᠠ ᠭᠡᠵᠦ ᠨᠢᠭᠤᠷ ᠨᠢ ᠪᠠᠳᠠᠭᠠᠨ᠎ᠠ᠎ᠳᠤ ᠢᠳᠡᠭᠳᠡᠵᠦ ᠨᠥᠬᠡ ᠪᠣᠯᠣᠭᠰᠠᠨ ᠥᠷᠭᠡᠨ ᠴᠡᠭᠡᠵᠢ ᠲᠠᠢ ᠲᠣᠮᠤ ᠬᠥᠮᠥᠨ ᠬᠡᠯᠡᠭᠡᠳ ᠫᠠᠷᠴᠢᠬᠢᠨᠠᠨ ᠢᠨᠢᠶᠡᠬᠦ ᠳ᠋ᠤᠨᠢ ᠶᠡᠬᠡ ᠭᠡᠷ ᠲᠣᠷᠭᠢᠬᠤ ᠰᠢᠭ᠋ ᠪᠤᠯᠪᠠ᠃
   ᠡᠨᠡ ᠬᠦᠮᠦᠨ᠎ᠢ ᠪᠠᠳᠠᠷᠴᠢ ᠭᠡᠳᠡᠭ᠃ ᠠᠷᠪᠠᠨ ᠳᠣᠯᠣᠭᠠᠳ ᠨᠠᠰᠤᠨ᠎ᠠᠴᠠ᠎ᠪᠠᠨ ᠯᠤᠤ ᠭᠦᠩ᠎ᠦᠨ ᠲᠠᠮᠠᠭ᠎ᠠ᠎ᠶᠢᠨ ᠲᠠᠬᠠᠷ ᠬᠢᠭᠰᠡᠨ ᠪᠦᠭᠡᠳ ᠣᠳᠣ᠌ ᠭᠤᠴᠢ ᠬᠦᠷᠴᠠᠢ᠃ ᠬᠡᠷᠡᠭᠲᠡᠨ᠎ᠳᠦ ᠬᠠᠲᠠᠭᠤ ᠬᠠᠷᠬᠢᠰ᠂ ᠪᠠᠰᠠ ᠲᠡᠭᠡᠭᠡᠳ ᠴᠢᠳᠠᠯ ᠭᠦᠴᠦ ᠶᠡᠬᠡᠲᠠᠢ ᠳᠣᠯᠣᠭᠠᠨ ᠬᠣᠰᠢᠭᠤᠨ᠎ᠤ ᠵᠠᠭᠠᠨ ᠴᠣᠯᠠ ᠲᠠᠢ ᠬᠥᠮᠥᠨ᠃ ᠲᠠᠬᠠᠷ ᠬᠢᠭᠰᠡᠨ᠎ᠠᠴᠠ ᠬᠤᠢᠰᠢ ᠬᠡᠭᠡᠯᠢ ᠬᠠᠬᠤᠤᠯᠢ ᠠᠪᠴᠤ ᠣᠪᠣᠭ᠎ᠠ ᠬᠥᠷᠥᠩᠭᠡ ᠲᠠᠢ ᠪᠣᠯᠣᠭᠠᠳ ᠰᠡᠭᠦᠯ᠎ᠦᠨ ᠦᠶ᠎ᠡ᠎ᠳᠦ ᠬᠥᠮᠥᠨ᠎ᠢ << ᠮᠠᠭᠤ ᠭᠤᠶᠤᠯᠭᠠᠴᠢᠨ >> ᠭᠡᠵᠦ ᠳᠠᠭᠠᠷᠢᠬᠤ ᠨᠢ ᠤᠯᠠᠮ ᠤᠯᠠᠨ ᠪᠣᠯᠵᠤ ᠪᠠᠢᠭ᠎ᠠ ᠪᠢᠯᠡ᠃
   ᠪᠠᠳᠠᠷᠴᠢ ᠥᠩᠭᠡᠷᠡᠭᠰᠡᠨ ᠵᠢᠯ ᠲᠡᠮᠦᠷ᠎ᠢ ᠤᠰᠤᠨ᠎ᠳᠦ ᠬᠥᠪᠴᠦ ᠶᠠᠪᠤᠬᠤ ᠳ᠋ᠤᠨᠢ ᠪᠠᠷᠢᠭᠠᠳ ᠲᠠᠮᠠᠭᠠᠨ ᠳᠡᠭᠡᠷ᠎ᠡ ᠠᠪᠠᠴᠢᠵᠤ ᠥᠪᠡᠷ᠎ᠢᠶᠡᠨ ᠪᠠᠩᠵᠠᠳᠠᠨ᠂ ᠰᠢᠷᠢᠯᠡᠵᠠᠢ᠃ ᠲᠠᠬᠠᠷ ᠬᠢᠭᠰᠡᠨ ᠦᠶ᠎ᠡ᠎ᠳᠡᠭᠡᠨ ᠣᠯᠠᠨ ᠬᠥᠮᠥᠨ᠎ᠢ ᠰᠢᠷᠢᠯᠡᠭᠰᠡᠨ ᠪᠦᠭᠡᠳ ᠲᠡᠳᠡ ᠨᠠᠷ᠎ᠡᠴᠡ ᠣᠷᠭᠣᠵᠤ ᠪᠠᠢᠭ᠍ᠰᠠᠨ ᠬᠥᠮᠥᠨ ᠦᠭᠡᠢ᠃ ᠭᠡᠲᠡᠯ᠎ᠡ ᠴᠠᠬᠢᠭᠤᠷ ᠲᠡᠮᠦᠷ ᠣᠷᠭᠣᠵᠠᠢ᠃ ᠡᠬᠦᠨ᠎ᠢ ᠪᠣᠳᠣᠬᠣ᠌ ᠲᠣᠰᠤᠮ ᠬᠣᠷᠤᠰᠴᠤ ᠪᠠᠢᠪᠠ᠃
   ᠥᠩᠭᠡᠷᠡᠭᠰᠡᠨ ᠵᠢᠯ ᠲᠡᠮᠦᠷ᠎ᠢ ᠪᠠᠩᠵᠠᠳᠠᠵᠤ ᠪᠠᠢᠬᠤ᠎ᠳᠠᠭᠠᠨ ᠲᠡᠬᠦᠨ᠎ᠦ ᠭᠠᠩ ᠵᠣᠷᠢᠭ᠋᠂ ᠳᠡᠰᠪᠦᠷᠢ ᠳ᠋ᠤᠨᠢ ᠪᠠᠬᠠᠷᠬᠠᠵᠤ ᠪᠠᠢᠭ᠍ᠰᠠᠨ᠃ ᠴᠢᠨ᠋ᠸ᠎ᠠ᠎ᠶᠢ ᠪᠠᠷᠢᠵᠤ ᠠᠪᠤᠭᠰᠠᠨ ᠬᠦᠮᠦᠨ ᠡᠷ᠎ᠡ ᠴᠢᠳᠠᠯ ᠳ᠋ᠤᠨᠢ ᠪᠠᠬᠠᠷᠬᠠᠵᠤ ᠪᠠᠢᠭᠠᠳ ᠵᠣᠪᠠᠭᠠᠬᠤ ᠤᠳᠠᠭ᠎ᠠ ᠪᠠᠢᠳᠠᠭ᠂ ᠲᠡᠮᠦᠷ᠎ᠢ ᠪᠠᠩᠵᠠᠳᠠᠵᠤ ᠪᠠᠢᠬᠤ᠎ᠳᠤ ᠪᠠᠳᠠᠷᠴᠢ ᠶᠠᠭ ᠯᠡ ᠲᠡᠢᠮᠦ ᠪᠠᠢᠭ᠍ᠰᠠᠨ᠃ ᠪᠠᠳᠠᠷᠴᠢ᠎ᠶᠢᠨ ᠬᠣᠷᠢᠨ ᠪᠠᠩᠵᠠ᠎ᠶᠢ ᠳᠠᠪᠠᠵᠤ ᠪᠠᠢᠭ᠍ᠰᠠᠨ ᠡᠷ᠎ᠡ ᠦᠭᠡᠢ᠃ ᠭᠡᠲᠡᠯ᠎ᠡ ᠲᠡᠮᠦᠷ᠎ᠢ ᠳᠥᠴᠢ ᠪᠠᠩᠵᠠᠳᠠᠭᠠᠳ ᠬᠠᠷᠠᠬᠤ᠎ᠳᠤ ᠨᠢᠳᠦ ᠨᠢ ᠭᠦᠯᠢᠯᠵᠡᠨ᠂ ᠰᠢᠳᠦ ᠨᠢ ᠲᠠᠴᠢᠬᠢᠨᠠᠵᠤ ᠪᠠᠢᠵᠠᠢ᠃ ᠢᠩᠬᠢᠭᠡᠳ ᠲᠡᠮᠦᠷ᠎ᠢ ᠭᠢᠨᠳᠠᠨ ᠤᠷᠤᠭᠤ ᠴᠢᠷᠦᠭᠡᠳ ᠪᠠᠢᠬᠤ᠎ᠳᠠᠭᠠᠨ << ᠪᠣᠵᠠᠭᠠᠢ ᠡᠷ᠎ᠡ ᠶᠤᠮ ᠳᠠ᠃ ᠮᠠᠷᠭᠠᠰᠢ ᠠᠬ᠎ᠠ ᠨᠢ ᠳᠡᠭᠦᠦ᠎ᠪᠡᠨ ᠳᠤᠤᠭᠠᠷᠭᠠᠵᠤ ᠴᠢᠳᠠᠨ᠎ᠠ >> ᠭᠡᠵᠦ ᠪᠠᠬᠠᠳᠤᠨ ᠬᠡᠯᠡᠵᠠᠢ᠃ ᠮᠠᠷᠭᠠᠰᠢ ᠨᠢ ᠬᠤᠷᠢ ᠴᠣᠬᠢᠭᠠᠳ ᠲᠦᠷ ᠵᠣᠭᠰᠣᠬᠤ᠎ᠳᠤ ᠲᠡᠮᠦᠷ ᠠᠮᠠᠨ᠎ᠳᠠᠭᠠᠨ << ᠬᠣᠷᠢ>> ᠭᠡᠳ ᠬᠥᠯ᠎ᠢᠶᠡᠨ ᠬᠥᠳᠡᠯᠭᠡᠵᠦ ᠬᠡᠪᠲᠡᠷᠢ᠎ᠪᠡᠨ ᠵᠠᠰᠠᠵᠠᠢ᠃ ᠪᠠᠳᠠᠷᠴᠢ ᠣᠯᠠᠮ ᠬᠤᠷᠤᠰᠴᠤ ᠨᠢᠭᠡ ᠪᠠᠩᠵᠠ ᠬᠤᠭᠤᠯᠤᠭᠰᠠᠨ ᠪᠤᠯᠪᠠᠴᠤ ᠲᠡᠮᠦᠷ ᠪᠡᠬᠢ ᠪᠠᠢᠳᠠᠭ᠎ᠢᠶᠠᠷ᠎ᠢᠶᠠᠨ ᠨᠢᠳᠦ᠎ᠪᠡᠨ ᠭᠦᠯᠢᠢᠯᠭᠡᠨ ᠰᠢᠳᠦ᠎ᠪᠡᠨ ᠬᠢᠬᠤᠳᠣᠨᠠᠭᠤᠯᠤᠨ ᠬᠠᠪᠢᠷᠴᠦ ᠪᠠᠢᠪᠠ᠃
   – ᠴᠢ ᠴᠢᠯᠠᠭᠤ ᠶᠤᠮ ᠦᠦ? ᠬᠥᠮᠥᠨ ᠶᠤᠮ ᠦᠦ? ᠭᠡᠵᠦ ᠠᠭᠤᠷᠯᠠᠭᠰᠠᠨ ᠲᠠᠬᠠᠷ ᠠᠰᠠᠭᠤᠬᠤ᠎ᠳᠤ ᠲᠡᠮᠦᠷ᠄
   – ᠵᠠ᠂ ᠪᠢ ᠬᠤᠶᠠᠷ ᠬᠥᠯ ᠲᠠᠢ᠂ ᠬᠤᠬᠢᠮᠠᠢ ᠲᠤᠯᠤᠭᠠᠢ ᠲᠠᠢ ᠬᠥᠮᠥᠨ ᠪᠢᠯᠡ ᠭᠡᠵᠦ ᠶᠤᠵᠤᠯᠠᠨ ᠬᠠᠷᠢᠭᠤᠯᠪᠠ᠃ ᠡᠴᠦᠰ ᠲᠤᠨᠢ ᠲᠡᠮᠦᠷ᠎ᠢ ᠪᠠᠳᠠᠷᠴᠢ ᠰᠢᠷᠢᠯᠡᠵᠦ ᠪᠠᠢᠬᠤ᠎ᠳᠤ ᠲᠡᠮᠦᠷ ᠨᠢᠳᠦ᠎ᠪᠡᠨ ᠭᠢᠯᠠᠯᠵᠠᠭᠤᠯᠤᠨ ᠰᠢᠳᠦ᠎ᠪᠡᠨ ᠵᠠᠭᠤᠵᠤ ᠪᠠᠢᠭᠠᠳ << ᠣᠷᠭᠣᠨ᠎ᠠ ᠰᠢᠦ >> ᠭᠡᠬᠦ ᠳ᠋ᠤᠨᠢ ᠪᠠᠳᠠᠷᠴᠢ ᠶᠡᠬᠡᠮᠰᠦᠭ᠎ᠢᠶᠡᠷ ᠢᠨᠢᠶᠡᠮᠰᠦᠭᠯᠡᠵᠦ᠄
   – ᠮᠠᠭᠤ ᠭᠤᠶᠤᠯᠭᠠᠴᠢᠨ ᠴᠢ ᠰᠠᠴᠢ ᠴᠢᠨᠢ ᠬᠦᠷᠪᠡᠯ ᠲᠡᠭᠡᠭᠡᠷᠡᠢ ᠭᠡᠵᠠᠢ᠃
   ᠴᠠᠭᠠᠨ ᠰᠠᠷ᠎ᠠ᠎ᠶᠢᠨ ᠰᠢᠨ᠎ᠡ᠎ᠶᠢᠨ ᠨᠢᠭᠡᠨ᠎ᠳᠦ ᠪᠠᠳᠠᠷᠴᠢ ᠲᠠᠷᠭᠤᠨ ᠬᠤᠨᠢᠨ᠎ᠤ ᠭᠤᠶ᠎ᠠ ᠴᠢᠨᠠᠵᠤ ᠣᠴᠢᠭᠠᠳ ᠲᠣᠮᠤ ᠲᠣᠮᠣ᠌ ᠤᠭᠳᠤᠯᠠᠨ ᠥᠭᠬᠦ ᠳ᠋ᠤᠨᠢ ᠲᠡᠮᠦᠷ ᠰᠢᠷ ᠰᠢᠷ ᠵᠠᠵᠢᠯᠤᠨ ᠢᠳᠡᠬᠦ ᠵᠠᠭᠤᠷ᠎ᠠ << ᠴᠢ ᠦᠰᠦ᠂ ᠰᠠᠬᠠᠯ᠎ᠢ ᠮᠢᠨᠢ ᠰᠠᠯᠭᠠᠵᠤ ᠥᠭᠬᠦ ᠦᠭᠡᠢ ᠦᠦ >> ᠭᠡᠬᠦ᠎ᠳᠦ᠂
   – ᠣᠷᠭᠣᠵᠤ ᠭᠠᠷᠤᠭᠠᠳ ᠰᠠᠯᠭᠠᠬᠤ ᠦᠭᠡᠢ ᠦᠦ ᠭᠡᠵᠦ ᠪᠠᠳᠠᠷᠴᠢ ᠲᠠᠪᠠᠯᠠᠵᠠᠢ᠃
   ᠭᠡᠲᠡᠯ᠎ᠡ ᠴᠠᠬᠢᠭᠤᠷ ᠲᠡᠮᠦᠷ ᠣᠷᠭᠣᠵᠠᠢ᠃ ᠡᠨᠡ ᠨᠢ ᠪᠠᠳᠠᠷᠴᠢ᠎ᠶᠢᠨ ᠨᠡᠷ᠎ᠡ᠎ᠶᠢ ᠨᠢᠭᠡᠮᠦᠰᠦᠨ ᠬᠤᠤᠷᠯᠠᠭᠰᠠᠨ ᠶᠤᠮ ᠰᠢᠭ᠋ ᠪᠣᠳᠣᠭᠳᠠᠭᠠᠳ << ᠶᠠᠭᠠᠬᠢᠵᠤ ᠡᠢᠵᠦ ᠪᠠᠢᠭᠠᠳ ᠲᠡᠮᠦᠷ᠎ᠢ ᠵᠠᠪᠠᠯ ᠪᠠᠷᠢᠵᠤ ᠠᠯᠳᠠᠭᠰᠠᠨ ᠨᠡᠷ᠎ᠡ ᠪᠡᠨ ᠣᠯᠵᠤ ᠠᠪᠬᠤ᠂ ᠲᠠᠰᠢᠷᠠᠮ ᠳ᠋ᠤᠨᠢ ᠬᠠᠯᠬ᠎ᠠ ᠳᠠᠶᠠᠭᠠᠷ ᠴᠤᠤᠷᠢᠶᠠᠲᠤᠭᠰᠠᠨ ᠰᠠᠢᠨ ᠡᠷ᠎ᠡ᠎ᠶᠢ ᠬᠤᠶᠠᠳᠠᠬᠢ ᠤᠳᠠᠭ᠎ᠠ ᠪᠡᠨ ᠪᠠᠷᠢᠭ᠍ᠰᠠᠨ ᠠᠯᠳᠠᠷ ᠵᠡᠭᠦᠨ᠎ᠡ>> ᠭᠡᠵᠦ ᠪᠣᠳᠣᠵᠤ ᠪᠠᠢᠪᠠ᠃
   ᠪᠠᠳᠠᠷᠴᠢ᠎ᠶᠢᠨ ᠳᠣᠣᠷ᠎ᠠ ᠰᠠᠭᠤᠵᠤ ᠪᠠᠢᠭ᠎ᠠ ᠨᠠᠮᠬᠠᠨ ᠪᠦᠳᠦᠭᠦᠨ ᠬᠥᠮᠥᠨ᠎ᠢ ᠳᠠᠮᠳᠢᠨ ᠭᠡᠳᠡᠭ᠃ ᠥᠩᠭᠡᠷᠡᠭᠰᠡᠨ ᠵᠢᠯ᠎ᠠᠴᠠ ᠡᠬᠢᠯᠡᠨ ᠲᠠᠮᠠᠭ᠎ᠠ᠎ᠶᠢᠨ ᠲᠠᠬᠠᠷ ᠬᠢᠵᠦ ᠪᠠᠢᠭ᠎ᠠ ᠠᠵᠠᠢ᠃
   ᠳᠠᠮᠳᠢᠨ᠎ᠳᠤ ᠲᠡᠮᠦᠷ᠎ᠢ ᠪᠠᠷᠢᠬᠤ ᠰᠢᠨᠤᠯ ᠪᠠᠢᠭ᠍ᠰᠠᠨ ᠦᠭᠡᠢ᠃ ᠬᠠᠷᠢᠨ ᠭᠡᠮᠨᠡᠭ ᠦᠭᠡᠢ ᠶᠠᠪᠤᠵᠤ ᠪᠠᠢᠭᠠᠳ ᠴᠣᠬᠢᠭᠤᠯᠴᠢᠬᠠᠵᠤ ᠮᠠᠭᠠᠳ ᠭᠡᠵᠦ ᠵᠤᠷᠠᠮ᠎ᠠ ᠲᠠᠪᠬᠢᠭ᠍ᠰᠠᠨ ᠴᠤ᠌ ᠰᠣᠴᠢᠵᠤ᠂ ᠴᠣᠭᠴᠠᠬᠢ ᠲᠤᠤᠭᠠᠷᠤᠭᠰᠠᠨ ᠴᠤ᠌ ᠰᠠᠷᠪᠠᠯᠵᠠᠨ ᠶᠠᠪᠤᠵᠠᠢ᠃
   – ᠮᠢᠨᠤ ᠬᠦᠦ ᠮᠠᠯ᠎ᠳᠤ ᠶᠠᠪᠤᠵᠤ ᠪᠠᠢᠬᠤ᠎ᠳᠤ ᠴᠢᠨᠢ ᠭᠠᠭᠴᠠ ᠨᠢᠭᠡ ᠶᠠᠪᠠᠭᠠᠨ᠂ ᠨᠢᠴᠦᠭᠦᠨ ᠬᠥᠮᠥᠨ ᠬᠠᠷᠠᠭᠳᠠᠭ᠎ᠠ ᠦᠭᠡᠢ ᠪᠢᠵᠠ? ᠭᠡᠵᠦ ᠢᠳᠡᠭᠡᠯᠲᠥ᠍ ᠬᠥᠥᠬᠦᠷ᠎ᠦᠨ ᠡᠮᠦᠨ᠎ᠡ ᠵᠣᠭᠰᠤᠵᠤ ᠪᠠᠢᠭ᠍ᠰᠠᠨ ᠬᠣᠩᠭᠣᠷ᠎ᠡᠴᠡ ᠠᠰᠠᠭᠤᠪᠠ᠃
   – ᠦᠭᠡᠢ᠂ ᠠᠵᠢᠭ᠎ᠠ ᠦᠭᠡᠢ ᠭᠡᠳ ᠬᠣᠩᠭᠣᠷ ᠲᠣᠯᠣᠭᠠᠢ ᠰᠡᠭᠰᠦᠷᠪᠡ᠃ ᠬᠣᠩᠭᠣᠷ᠎ᠤᠨ ᠠᠮᠢᠰᠬᠤᠭ᠎ᠠ ᠳᠠᠪᠬᠤᠴᠠᠵᠤ ᠵᠢᠷᠦᠬᠡ ᠨᠢ ᠴᠡᠭᠡᠵᠢᠨ᠎ᠳᠡᠭᠡᠨ ᠪᠠᠭᠲᠠᠨ ᠶᠠᠳᠠᠨ ᠴᠣᠬᠢᠯᠠᠵᠤ << ᠡᠷ᠎ᠡ ᠬᠥᠮᠥᠨ᠂ ᠡᠷ᠎ᠡ ᠬᠥᠮᠥᠨ᠎ᠳᠡᠭᠡᠨ ᠬᠠᠢᠷ᠎ᠠ ᠲᠠᠢ >> ᠭᠡᠵᠦ ᠰᠡᠳᠬᠢᠯ᠎ᠳᠡᠭᠡᠨ ᠰᠢᠪᠡᠨᠡᠨ ᠪᠠᠢᠪᠠ᠃ ᠬᠥᠳᠡᠯᠬᠦ ᠭᠡᠲᠡᠯ᠎ᠡ ᠬᠦᠬᠦᠦᠷ᠎ᠦᠨ ᠡᠮᠦᠨ᠎ᠡ ᠪᠠᠢᠭ᠍ᠰᠠᠨ ᠰᠠᠭᠠᠮ᠎ᠠ᠎ᠶᠢᠨ ᠬᠣᠪᠢᠩ᠎ᠳᠦ ᠳᠤᠷᠴᠤ ᠪᠦᠳᠦᠷᠢᠭᠡᠳ ᠪᠠᠳᠠᠷᠴᠢ᠎ᠶᠢ ᠮᠥᠷᠭᠦᠵᠦ ᠣᠷᠬᠢᠪᠠ᠃
   – ᠶᠠᠮᠠᠷ ᠳᠦᠷᠰᠦ ᠦᠭᠡᠢ ᠬᠦᠦ ᠪᠤᠢ᠃ ᠲᠠᠷᠢᠬᠢ ᠦᠭᠡᠢᠳᠡᠭᠡᠳ ᠪᠠᠢᠪᠠᠯ ᠬᠥᠩᠭᠡᠯᠡᠵᠦ ᠤᠷᠬᠢᠨ᠎ᠠ ᠰᠢᠦ ᠭᠡᠵᠦ ᠪᠠᠳᠠᠷᠴᠢ ᠬᠥᠮᠥᠰᠭᠡ᠎ᠪᠡᠨ ᠰᠦᠷ ᠲᠠᠢ ᠵᠠᠩᠭᠢᠳᠤᠨ ᠪᠦᠳᠦᠭᠦᠨ ᠲᠠᠭᠤ᠎ᠪᠠᠷ ᠬᠦᠩᠬᠢᠨᠡᠭᠦᠯᠦᠨ ᠬᠡᠯᠡᠪᠡ᠃
   ᠬᠣᠩᠭᠣᠷ᠂ ᠪᠠᠳᠠᠷᠴᠢ᠎ᠡᠴᠡ ᠵᠠᠢᠯᠠᠨ ᠵᠣᠭᠰᠤᠵᠤ᠂ ᠨᠤᠬᠠᠢ᠎ᠳᠤ ᠰᠢᠬᠠᠭᠤᠯᠤᠭᠰᠠᠨ ᠮᠤᠤᠷ᠎ᠤᠨ ᠨᠢᠳᠦ᠎ᠪᠡᠷ ᠪᠠᠳᠠᠷᠴᠢ᠎ᠶᠢ ᠰᠢᠷᠲᠡᠨ ᠪᠡᠶ᠎ᠡ ᠪᠡᠨ ᠬᠤᠷᠢᠶᠠᠪᠠ᠃
   <<ᠡᠨᠡ ᠯᠠᠪ ᠨᠠᠮᠠᠶ᠋ᠢ ᠲᠡᠮᠦᠷ ᠭᠤᠸᠠᠢ ᠲᠠᠢ ᠠᠭᠤᠯᠵᠠᠭᠰᠠᠨ᠎ᠢ ᠮᠡᠳᠡᠵᠦ ᠪᠠᠢᠬᠤ ᠰᠢᠭ᠋᠃ ᠪᠢ ᠬᠡᠯᠡᠬᠦ ᠦᠭᠡᠢ᠂ ᠬᠥᠩᠭᠡᠯᠡᠭᠰᠡᠨ ᠴᠤ᠌ ᠬᠡᠯᠡᠬᠦ ᠦᠭᠡᠢ᠃ ᠢᠰᠢᠭᠡ ᠰᠢᠭ᠌ ᠴᠢᠷᠠᠯᠠᠬᠤ ᠦᠭᠡᠢ᠂ ᠬᠤᠷᠠᠭ᠎ᠠ ᠰᠢᠭ᠋ ᠳᠠᠭᠤ ᠦᠭᠡᠢ ᠪᠠᠢᠵᠤ ᠪᠠᠢᠭᠠᠳ ᠯᠡ ᠪᠤᠰᠤᠭᠠᠳ ᠶᠠᠪᠤᠴᠢᠬᠠᠨ᠎ᠠ᠃ ᠡᠷ᠎ᠡ ᠬᠥᠮᠥᠨ᠂ ᠡᠷ᠎ᠡ ᠬᠥᠮᠥᠨ᠎ᠳᠡᠭᠡᠨ ᠬᠠᠢᠷ᠎ᠠ ᠲᠠᠢ>> ᠭᠡᠵᠦ ᠪᠤᠳᠤᠪᠠ᠃
   – ᠴᠢ ᠮᠠᠭᠤ ᠬᠥᠩᠭᠡᠯᠡ ᠳᠠ᠃ ᠪᠢ ᠶᠣᠣ ᠭᠡᠬᠦ ᠦᠭᠡᠢ ᠭᠡᠵᠦ ᠬᠣᠩᠭᠣᠷ᠎ᠤᠨ ᠬᠠᠰᠬᠢᠷᠬᠤ᠎ᠳᠤ ᠨᠢᠳᠦᠨ ᠳ᠋ᠤᠨᠢ ᠳᠤᠭᠤᠯᠠᠩ ᠨᠢᠯᠪᠤᠰᠤ ᠲᠤᠨᠤᠷᠠᠪᠠ᠃
   –  ᠪᠡᠯᠡ ᠲᠠᠢ ᠬᠥᠮᠥᠨ᠎ᠦ ᠭᠠᠭᠴᠠ ᠬᠦᠦ ᠭᠡᠰᠡᠨ᠎ᠳᠡᠭᠡᠨ ᠰᠢᠷᠪᠦᠰᠦᠲᠠᠢ ᠪᠠᠢᠨ᠎ᠠ ᠭᠡᠳ ᠪᠠᠳᠠᠷᠴᠢ ᠨᠢᠳᠦ᠎ᠪᠡᠨ ᠵᠢᠷᠲᠠᠢᠯᠭᠠᠨ ᠢᠨᠢᠶᠡᠪᠡ᠃
   – ᠮᠢᠨᠤ ᠬᠦᠦ᠂ ᠲᠤᠮᠤ ᠬᠥᠮᠥᠨ ᠲᠠᠢ ᠢᠩᠬᠢᠵᠦ ᠪᠤᠯᠬᠤ ᠦᠭᠡᠢ ᠭᠡᠵᠦ ᠢᠳᠡᠭᠡᠯᠲᠥ᠍ ᠬᠦᠦ᠎ᠪᠡᠨ ᠵᠢᠮᠡᠯᠡᠭᠰᠡᠨ ᠪᠤᠯᠪᠠᠴᠤ ᠳᠤᠲᠤᠷ᠎ᠠ᠎ᠪᠠᠨ << ᠮᠢᠨᠤ ᠬᠦᠦ ᠴᠤ᠌ ᠶᠠᠭ ᠦᠭᠡᠢ ᠡᠷ᠎ᠡ ᠪᠤᠯᠤᠨ᠎ᠠ ᠳᠠ >> ᠭᠡᠵᠦ ᠪᠠᠬᠠᠲᠤᠪᠠ᠃
   – ᠰᠢᠷᠢᠲᠠᠢ ᠮᠥᠷᠲᠡᠯ᠎ᠡ᠎ᠪᠡᠨ ᠣᠷᠭᠣᠴᠢᠬᠠᠳᠠᠭ᠂ ᠠᠷᠭ᠎ᠠ ᠦᠭᠡᠢ ᠯᠡ ᠰᠠᠢᠨ ᠡᠷ᠎ᠡ ᠶᠤᠮ ᠳᠠ ᠭᠡᠵᠦ ᠢᠳᠡᠭᠡᠯᠲᠥ᠍ ᠲᠣᠯᠣᠭᠠᠢ᠎ᠪᠠᠨ ᠠᠯᠭᠤᠷ ᠰᠠᠵᠢᠯᠠᠪᠠ᠃
   – ᠡᠭᠦᠨ᠎ᠠᠴᠠ ᠡᠮᠦᠨ᠎ᠡ ᠪᠠᠷᠢᠭ᠍ᠳᠠᠵᠤ ᠪᠠᠢᠭ᠎ᠠ ᠦᠭᠡᠢ ᠶᠤᠮ ᠰᠢᠦ ᠭᠡᠵᠦ ᠪᠠᠳᠠᠷᠴᠢ᠎ᠶᠢᠨ ᠬᠡᠯᠡᠬᠦ᠎ᠳᠦ ᠳᠠᠭᠤᠨ ᠳ᠋ᠤᠨᠢ << ᠭᠡᠪᠡᠴᠦ ᠪᠢ ᠪᠠᠷᠢᠭ᠍ᠰᠠᠨ ᠶᠤᠮ ᠳᠠ >> ᠭᠡᠰᠡᠨ ᠪᠠᠷᠳᠠᠮ ᠥᠩᠭᠡ ᠲᠣᠳᠤᠷᠬᠠᠢ ᠪᠠᠢᠯ᠎ᠠ᠃ ᠢᠳᠡᠭᠡᠯᠲᠥ᠍ ᠥᠩᠭᠡᠷᠡᠭᠰᠡᠨ ᠵᠢᠯ ᠬᠣᠰᠢᠭᠤ ᠲᠠᠮᠠᠭ᠎ᠠ᠎ᠶᠢᠨ ᠵᠢᠰᠢᠶᠠᠨ᠎ᠤ ᠬᠢᠨᠳᠠᠨ᠎ᠳᠤ ᠲᠡᠮᠦᠷ ᠲᠠᠢ ᠲᠠᠭᠠᠷᠢᠯᠳᠤᠵᠠᠢ᠃ ᠡᠷ᠎ᠡ ᠬᠥᠮᠥᠨ ᠬᠡᠵᠢᠶ᠎ᠡ ᠨᠢᠭᠡᠨ ᠴᠠᠭ᠎ᠲᠤ ᠡᠨᠳᠡᠭᠳᠡᠯ ᠪᠣᠯᠵᠤ ᠬᠢᠨᠳᠠᠨ᠎ᠳᠤ ᠵᠠᠪᠠᠯ ᠣᠷᠣᠳᠠᠭ ᠭᠡᠵᠦ ᠤᠷᠢᠳᠤ᠎ᠶᠢᠨ ᠬᠥᠮᠥᠨ ᠶᠠᠷᠢᠳᠠᠭ ᠪᠤᠯᠬᠤᠷ << ᠶᠠᠭᠤᠮ᠎ᠠ᠎ᠶᠢ ᠶᠠᠭᠠᠬᠢᠵᠤ ᠮᠡᠳᠡᠬᠦ ᠪᠤᠢ?>> ᠭᠡᠵᠦ ᠪᠣᠳᠣᠭᠰᠠᠨ ᠢᠳᠡᠭᠡᠯᠲᠥ᠍ ᠡᠭᠡᠯᠵᠢ᠎ᠪᠡᠨ ᠥᠩᠭᠡᠷᠡᠭᠦᠯᠬᠦ ᠭᠡᠵᠦ ᠭᠢᠨᠳᠠᠨ᠎ᠤ ᠬᠤᠶᠠᠭ ᠨᠠᠷ᠎ᠲᠤ ᠬᠠᠬᠤᠤᠯᠢ ᠥᠭᠴᠦ ᠬᠠᠭᠠᠰ ᠡᠳᠦᠷ ᠲᠠᠮᠠᠭ᠎ᠠ᠎ᠶᠢᠨ ᠵᠢᠰᠢᠶᠠᠨ᠎ᠤ ᠭᠢᠨᠳᠠᠨ᠎ᠳᠤ ᠰᠠᠭᠤᠵᠤ ᠲᠡᠨᠳᠡ ᠪᠠᠢᠭ᠎ᠠ ᠬᠣᠷᠢᠭ᠍ᠳᠠᠯ᠎ᠤᠳ᠎ᠢ ᠬᠣᠭᠣᠯᠠᠯᠠᠭᠣᠯᠵᠣ᠌ ᠪᠠᠢᠬᠤ᠎ᠳᠠᠭᠠᠨ ᠰᠢᠷᠢᠯᠡᠭᠦᠯᠦᠭᠰᠡᠨ ᠲᠡᠮᠦᠷ ᠲᠠᠢ ᠲᠤᠬᠢᠶᠠᠯᠳᠤᠵᠤ ᠬᠣᠭᠣᠯᠠ ᠥᠭᠬᠦ ᠵᠠᠭᠤᠷ᠎ᠠ ᠬᠡᠳᠦᠨ ᠦᠭᠡ ᠴᠤ᠌ ᠰᠤᠯᠢᠵᠠᠢ᠃
   ᠲᠡᠮᠦᠷ᠎ᠦᠨ ᠲᠤᠬᠠᠢ ᠶᠠᠷᠢᠶ᠎ᠠ᠎ᠶᠢ ᠰᠣᠨᠣᠰᠬᠣ᠌ ᠲᠣᠰᠤᠮ ᠬᠣᠩᠭᠣᠷ᠎ᠤᠨ ᠰᠡᠳᠬᠢᠯ᠎ᠳᠦ ᠬᠡᠮᠵᠢᠶᠡᠯᠡᠰᠢ ᠦᠭᠡᠢ ᠪᠠᠬᠠᠷᠬᠠᠯ ᠣᠪᠤᠯᠵᠠᠨ ᠬᠦᠭᠡᠷᠴᠦ << ᠲᠡᠮᠦᠷ ᠭᠣᠸᠠᠢ ᠨᠠᠮᠠᠶ᠋ᠢ ᠡᠷ᠎ᠡ ᠬᠥᠮᠥᠨ ᠭᠡᠰᠡᠨ ᠰᠢᠦ >> ᠭᠡᠵᠦ ᠪᠣᠳᠣᠭᠳᠠᠵᠤ ᠪᠠᠢᠵᠠᠢ᠃ ᠭᠠᠳᠠᠨ᠎ᠠ᠎ᠡᠴᠡ ᠨᠢᠮ᠎ᠠ ᠠᠭᠠᠷᠤᠤᠯ ᠪᠦᠪᠦᠳᠦᠨᠡᠨ ᠬᠦᠯᠬᠦᠭᠰᠡᠭᠡᠷ ᠤᠷᠤᠵᠤ ᠢᠷᠡᠯ᠎ᠡ᠃
   – ᠲᠠ ᠪᠦᠬᠦᠨ᠎ᠦ ᠠᠮᠤᠭᠤᠯᠠᠩ᠎ᠢ ᠠᠢᠯᠠᠳᠬᠠᠶ᠎ᠠ᠃ ᠲᠠᠷᠭᠤᠨ ᠲᠠᠪᠠᠲᠠᠢ ᠵᠤᠰᠠᠯᠠᠵᠤ ᠪᠠᠢᠨ᠎ᠠ ᠦᠦ?
   – ᠰᠠᠢᠨ᠂ ᠰᠠᠢᠨ ᠪᠠᠢᠨ᠎ᠠ ᠦᠦ? ᠪᠤᠷᠤᠭᠠᠨ ᠡᠯᠪᠡᠭ ᠲᠠᠢ ᠰᠠᠢᠬᠠᠨ ᠵᠤᠨ ᠪᠤᠯᠵᠤ ᠪᠠᠢᠨ᠎ᠠ᠃
   – ᠪᠠᠳᠠᠷᠴᠢ ᠲᠠᠬᠠᠷ ᠬᠠᠮᠢᠭ᠎ᠠ ᠬᠦᠷᠴᠦ ᠶᠠᠪᠤᠨ᠎ᠠ ᠳᠠ?
   – ᠴᠠᠬᠢᠭᠤᠷ ᠲᠡᠮᠦᠷ᠎ᠢ ᠠᠯᠳᠠᠴᠢᠬᠠᠭᠠᠳ ᠡᠷᠢᠵᠦ ᠶᠠᠪᠤᠨ᠎ᠠ᠃ ᠨᠢᠮ᠎ᠠ ᠭᠣᠸᠠᠢ ᠦᠵᠡᠭᠡᠳ ᠦᠭᠬᠦ ᠦᠭᠡᠢ ᠦᠦ? ᠭᠡᠵᠦ ᠪᠠᠳᠠᠷᠴᠢ᠎ᠶᠢᠨ ᠬᠡᠯᠡᠬᠦ᠎ᠳᠦ << ᠮᠠᠨ᠎ᠤ ᠨᠢᠮ᠎ᠠ ᠭᠣᠸᠠᠢ ᠴᠤ᠌ ᠰᠢᠷᠠᠭᠰᠠᠨ ᠮᠢᠬ᠎ᠠ ᠠᠨᠳᠤᠬᠤ ᠦᠭᠡᠢ ᠰᠢᠷ᠎ᠠ ᠵᠢᠷᠤᠬᠠᠢᠴᠢ ᠳᠠ >> ᠭᠡᠳ ᠢᠳᠡᠭᠡᠯᠲᠥ᠍ ᠶᠣᠵᠣᠯᠠᠨ ᠢᠨᠢᠶᠡᠪᠡ᠃
   – ᠬᠥᠭᠰᠢᠷᠡᠭᠰᠡᠨ ᠶᠤᠮ ᠦᠦ᠂ ᠮᠡᠳᠡᠬᠦ᠎ᠪᠡᠨ ᠪᠤᠯᠢᠭᠠᠳ ᠲᠥᠭᠡᠷᠢᠬᠦ ᠨᠢ ᠶᠡᠬᠡ ᠪᠤᠯᠤᠭᠰᠠᠨ ᠪᠠᠢᠨ᠎ᠠ ᠪᠢᠯᠡ ᠭᠡᠳ ᠨᠢᠮ᠎ᠠ ᠡᠪᠦᠷ᠎ᠠᠴᠠ᠎ᠪᠠᠨ ᠨᠠᠨᠳᠢᠩᠨᠠᠨ ᠭᠡᠯᠬᠢᠭᠰᠡᠨ ᠶᠢᠰᠦᠨ ᠵᠤᠭᠤᠰ᠎ᠢᠶᠠᠨ ᠭᠠᠷᠭᠠᠵᠤ ᠰᠢᠪᠰᠢᠨ ᠦᠯᠢᠶᠡᠬᠦ᠎ᠳᠡᠭᠡᠨ ᠵᠠᠷᠢᠮ᠎ᠳᠠᠭᠠᠨ ᠨᠢᠳᠦ᠎ᠪᠡᠨ ᠠᠨᠢᠵᠤ᠂ ᠵᠠᠷᠢᠮ᠎ᠳᠠᠭᠠᠨ ᠬᠤᠰᠢᠭᠤ᠎ᠪᠠᠨ ᠴᠤᠷᠪᠤᠢᠯᠭᠠᠨ ᠶᠡᠬᠡ ᠯᠡ ᠲᠦᠪᠰᠢᠨ ᠳᠦᠷᠢ ᠦᠵᠡᠬᠦᠯᠪᠡ᠃
   – ᠵᠠ ᠳᠠ ᠬᠠᠴᠢᠨ ᠶᠤᠮ ᠳᠠ᠃ ᠥᠪᠡᠷ᠎ᠢᠶᠡᠨ ᠯᠡ ᠴᠢᠨᠦ ᠭᠠᠷ᠎ᠲᠦ ᠤᠷᠤᠰᠬᠤ ᠶᠤᠮ ᠰᠢᠭ᠋ ᠪᠠᠭᠤᠭᠠᠳ ᠪᠠᠢᠨ᠎ᠠ᠃ ᠬᠥᠯ ᠨᠢ ᠮᠣᠬᠣᠷᠳᠡᠵᠤ ᠬᠠᠷ᠎ᠠ ᠠᠷᠰᠯᠠᠨ᠎ᠤ ᠠᠮᠠᠨ᠎ᠳᠤ ᠨᠠᠷᠠ ᠵᠢᠷᠭᠠᠬᠤ᠎ᠶᠢᠨ ᠡᠮᠦᠨ᠎ᠡ ᠣᠷᠣᠬᠣ᠌ ᠪᠣᠯᠤᠯᠲᠠᠢ ᠭᠡᠳ ᠨᠢᠮ᠎ᠠ ᠵᠤᠭᠤᠰ᠎ᠢᠶᠠᠨ ᠬᠡᠯᠬᠢᠵᠤ ᠡᠪᠦᠷᠲᠦᠯᠡᠪᠡ᠃
   ᠪᠠᠳᠠᠷᠴᠢ ᠲᠣᠮᠣ᠌ ᠬᠤᠯᠤ ᠠᠢᠷᠠᠭ᠎ᠢ ᠨᠢᠭᠡ ᠠᠮᠢᠰᠬᠤᠭ᠎ᠠ᠎ᠪᠠᠷ ᠵᠠᠯᠭᠢᠵᠤ ᠤᠷᠬᠢᠭᠠᠳ ᠳᠠᠮᠳᠢᠨ᠎ᠢᠶᠠᠨ ᠳᠠᠭᠠᠭᠤᠯᠤᠨ ᠶᠠᠪᠤᠵᠠᠢ᠃ ᠬᠣᠩᠭᠣᠷ ᠬᠡᠳᠦᠢ᠎ᠪᠡᠷ ᠲᠡᠮᠦᠷ᠎ᠢ ᠡᠨᠡ ᠮᠠᠭᠤ ᠬᠣᠶᠠᠷ ᠪᠠᠷᠢᠵᠤ ᠴᠢᠳᠡᠬᠤ ᠦᠭᠡᠢ᠃ ᠲᠡᠮᠦᠷ ᠭᠣᠸᠠᠢ ᠡᠳᠡᠨ᠎ᠢ ᠳᠠᠯᠦ ᠳᠡᠭᠡᠷ᠎ᠡ᠎ᠠᠴᠠ ᠨᠢ ᠪᠠᠷᠢᠵᠤ ᠳᠠᠯᠠᠨ ᠭᠤᠷᠪᠠ᠂ ᠭᠣᠶ᠎ᠠ ᠳᠡᠭᠡᠷ᠎ᠡ᠎ᠠᠴᠠ ᠨᠢ ᠪᠠᠷᠢᠵᠦ ᠭᠤᠴᠢᠨ ᠭᠤᠷᠪᠠ ᠡᠷᠭᠢᠭᠦᠯᠦᠭᠡᠳ ᠰᠢᠳᠡᠵᠦ ᠣᠷᠬᠢᠨ᠎ᠠ ᠭᠡᠵᠦ ᠢᠳᠡᠭᠡᠪᠡᠴᠦ᠂ ᠰᠡᠳᠬᠢᠯ ᠨᠢ ᠵᠤᠪᠠᠨ ᠪᠠᠢᠨ ᠪᠠᠢᠨ ᠬᠤᠢᠲᠤ ᠵᠢᠯᠠᠭ᠎ᠠ ᠣᠷᠣᠭᠣ᠌ ᠬᠠᠷᠠᠵᠤ ᠪᠠᠢᠯ᠎ᠠ᠃
   ᠢᠳᠡᠭᠡᠯᠲᠥ᠍᠂ ᠠᠳᠤᠭᠤᠴᠢᠨ ᠨᠠᠷ᠎ᠢᠶᠠᠨ ᠴᠤᠭᠯᠠᠭᠤᠯᠵᠤ << ᠲᠠᠮᠠᠭᠠᠨ ᠳᠡᠭᠡᠷ᠎ᠡ᠎ᠠᠴᠠ ᠴᠠᠬᠢᠭᠤᠷ ᠲᠡᠮᠦᠷ᠎ᠢ ᠠᠯᠳᠠᠵᠤ ᠭᠡᠨ᠎ᠡ᠃ ᠠᠳᠤᠭᠤ᠎ᠪᠠᠨ ᠰᠦᠨᠢ ᠪᠦᠷᠢ ᠬᠣᠶᠠᠷ ᠬᠥᠮᠥᠨ ᠮᠠᠨᠠᠵᠤ ᠪᠠᠢ᠃ ᠬᠡᠳᠦᠨ ᠠᠳᠤᠭᠤ ᠴᠤ᠌ ᠶᠠᠭᠠᠮᠠᠢ᠃ ᠬᠠᠷᠢᠨ ᠭᠠᠭᠴᠠ ᠨᠢᠭᠡ᠎ᠪᠡᠷ᠎ᠢᠶᠡᠨ ᠲᠡᠮᠦᠷ ᠲᠠᠢ ᠲᠠᠭᠠᠷᠢᠯᠳᠤᠪᠠᠯ ᠣᠰᠣᠯ ᠲᠠᠢ >> ᠭᠡᠯ᠎ᠡ᠃
   ᠢᠳᠡᠭᠡᠯᠲᠥ᠍᠎ᠶᠢᠨ ᠬᠢ᠎ᠠᠴᠠ ᠭᠠᠷᠤᠭᠠᠳ ᠶᠠᠪᠤᠵᠤ ᠪᠠᠢᠬᠤ᠎ᠳᠠᠭᠠᠨ << ᠬᠦᠭᠡᠷᠦᠬᠦᠢ ᠠᠬ᠎ᠠ ᠮᠠᠨ᠎ᠤ᠎ᠪᠡᠨ ᠠᠪᠤ ᠰᠢᠭ᠋ ᠯᠡ ᠪᠢᠳᠡᠨ᠎ᠦ ᠲᠥᠯᠦᠭᠡ ᠵᠤᠪᠠᠵᠤ ᠪᠠᠢᠬᠤ ᠶᠤᠮ >> ᠭᠡᠵᠦ ᠭᠠᠯᠰᠠᠩ ᠬᠡᠯᠡᠪᠡ᠃
   – ᠮᠠᠨᠢ ᠢᠳᠡᠭᠡᠯᠲᠥ᠍ ᠬᠤᠶᠠᠷ ᠪᠣᠳᠣᠯ ᠲᠠᠢ ᠬᠥᠮᠥᠨ ᠳᠠ᠃ ᠠᠯᠲᠠ᠎ᠪᠠᠨ ᠪᠤᠳᠤᠬᠤ᠎ᠳᠤ ᠠᠪᠳᠠᠷ᠎ᠠ᠎ᠪᠠᠨ ᠪᠤᠳᠤᠨ᠎ᠠ ᠭᠡᠭᠴᠢ᠎ᠪᠡᠷ ᠠᠳᠤᠭᠤ᠎ᠪᠠᠨ ᠪᠤᠳᠤᠬᠤ᠎ᠳᠤ ᠮᠠᠨ᠎ᠢ᠎ᠪᠡᠨ ᠪᠤᠳᠤᠵᠤ ᠪᠠᠢᠭ᠎ᠠ ᠶᠤᠮ ᠭᠡᠵᠦ ᠨᠢᠮ᠎ᠠ ᠠᠵᠢᠭ᠋ ᠦᠭᠡᠢ ᠬᠡᠯᠡᠪᠡ᠃
 

返回顶部