返回

ᠲᠤᠩᠭᠠᠯᠠᠭ ᠲᠠᠮᠢᠷ
– ᠴ᠂ ᠯᠤᠳᠤᠢᠳᠠᠮᠪᠠ
 
    ᠨᠢᠭᠡᠳᠦᠭᠡᠷ ᠪᠦᠯᠦᠭ
 
ᠬᠤᠶᠠᠷ ᠬᠠᠩᠭᠠᠢ᠎ᠶᠢᠨ ᠨᠤᠲᠤᠭ
ᠬᠦᠷᠡᠩᠳᠦᠵᠦ ᠨᠠᠢᠭᠤᠭᠠᠳ ᠪᠠᠢᠨ᠎ᠠ
ᠬᠤᠰᠢᠭᠤᠨ᠎ᠤ ᠤᠯᠠᠨ ᠲᠠᠮᠢᠷ
ᠰᠠᠨᠠᠭᠳᠠᠬᠤᠶ᠎ᠠ ᠶᠠᠩᠵᠤ ᠲᠠᠢ᠃
(ᠠᠷᠠᠳ᠎ᠤᠨ ᠳᠠᠭᠤᠤ)
ᠲᠤᠩᠭᠠᠯᠠᠭ ᠲᠠᠮᠢᠷ᠎ᠤᠨ ᠵᠦᠯᠭᠡᠨ ᠳ᠋ᠤᠨᠢ
ᠵᠦᠢᠯ᠎ᠤᠨ ᠦᠩᠭᠡ᠎ᠶᠢᠨ ᠮᠠᠨᠢ ᠴᠡᠴᠡᠭ
ᠲᠤᠷᠳᠤᠮᠠᠯ ᠬᠤᠷᠴᠠ ᠨᠠᠷᠠᠨ᠎ᠤ ᠭᠡᠷᠡᠯ᠎ᠢᠶᠡᠷ
ᠲᠤᠭᠲᠠᠵᠤ ᠶᠠᠳᠠᠨ ᠭᠠᠩᠬᠤᠨ᠎ᠠ᠃
ᠳᠠᠰᠴᠤ ᠲᠠᠨᠢᠭ᠍ᠰᠠᠨ ᠨᠦᠬᠦᠳ ᠲᠠᠢ ᠪᠡᠨ
ᠳᠠᠩᠳᠠ ᠵᠢᠷᠭᠠᠳᠠᠭ ᠴᠤ᠌ ᠪᠤᠯᠤᠭᠠᠰᠠᠢ᠃
(ᠠᠷᠠᠳ᠎ᠤᠨ ᠳᠠᠭᠤᠤ)
ᠡᠷᠪᠡᠭᠡᠷ ᠪᠠᠭᠠᠬᠠᠨ ᠬᠦᠷᠡᠩ᠎ᠢ᠎ᠪᠡᠨ
ᠡᠴᠡᠨ᠎ᠡ ᠭᠡᠵᠦ ᠰᠠᠨᠠᠭ᠎ᠠ ᠦᠭᠡᠢ
ᠡᠨᠡᠬᠡᠨ ᠬᠤᠶᠠᠷ ᠰᠡᠳᠬᠢᠯ᠎ᠢ
ᠭᠠᠵᠢᠨ᠎ᠠ ᠴᠤ᠌ ᠭᠡᠵᠦ ᠰᠠᠨᠠᠭᠰᠠᠨ ᠦᠭᠡᠢ᠃
(ᠠᠷᠠᠳ᠎ᠤᠨ ᠳᠠᠭᠤᠤ)
 
ᠠᠴᠢᠲᠤ ᠡᠴᠢᠭᠡ᠎ᠶᠢᠨ ᠳᠤᠷᠠᠰᠬᠠᠯ᠎ᠳᠦ ᠵᠤᠷᠢᠭᠤᠯᠪᠠ
 
 
ᠨᠢᠭᠡ — ᠨᠢᠭᠡ
 
   ᠤᠯᠠᠨ᠎ᠠ ᠡᠷᠭᠦᠭᠳᠡᠭᠰᠡᠨ᠎ᠦ ᠳᠦᠲᠦᠭᠡᠷ ᠤ᠌ᠨ᠎ᠤ ᠵᠤᠨ᠎ᠤ ᠡᠬᠢᠨ ᠰᠠᠷ᠎ᠠ᠎ᠶᠢᠨ ᠨᠢᠭᠡᠨ ᠡᠳᠦᠷ ᠶᠡᠬᠡ ᠲᠠᠮᠢᠷ᠎ᠤᠨ ᠬᠤᠢᠭᠤᠷ ᠭᠠᠷᠤᠭᠰᠠᠨ ᠵᠠᠮ᠎ᠢᠶᠠᠷ ᠭᠤᠴᠢ ᠤᠷᠴᠢᠮ ᠨᠠᠰᠤᠨ᠎ᠤ ᠬᠠᠷ᠎ᠠ ᠬᠦᠮᠦᠨ᠂ ᠨᠡᠯᠢᠶᠡᠳ ᠠᠴᠢᠶ᠎ᠠ ᠲᠠᠢ ᠮᠤᠷᠢᠨ ᠲᠡᠷᠭᠡ ᠬᠦᠲᠦᠯᠦᠭᠡᠳ ᠶᠠᠪᠤᠵᠤ ᠪᠠᠢᠪᠠ᠃
   ᠨᠠᠷᠠ ᠰᠠᠯᠬᠢᠨ᠎ᠳᠤ ᠭᠠᠩᠳᠠᠵᠤ᠂ ᠭᠬᠢᠷ ᠬᠦᠯᠦᠰᠦᠨ᠎ᠳᠤ ᠨᠡᠪᠲᠡᠷᠡᠵᠦ ᠤᠷᠠᠭᠳᠠᠭᠰᠠᠨ ᠳᠡᠪᠡᠯ᠎ᠢᠶᠡᠨ ᠶᠢᠰᠦᠨ ᠦᠩᠭᠡ᠎ᠶᠢᠨ ᠶᠠᠭᠤᠮ᠎ᠠ᠎ᠪᠡᠷ ᠨᠦᠬᠦᠭᠰᠡᠨ ᠪᠤᠯᠬᠤᠷ ᠶᠠᠮᠠᠷ ᠡᠳ᠋᠎ᠢᠶᠡᠷ ᠬᠢᠭᠰᠡᠨ ᠨᠢ ᠮᠡᠳᠡᠭᠳᠡᠬᠦ ᠠᠷᠭ᠎ᠠ ᠦᠭᠡᠢ ᠠᠵᠠᠢ᠃
   ᠬᠠᠩᠬᠠᠭᠠᠷ ᠳᠦᠷᠪᠡᠯᠵᠢᠨ ᠮᠦᠷᠦᠨ᠎ᠳᠡᠭᠡᠨ ᠤᠲᠤᠭ᠎ᠠ ᠪᠤᠯᠤᠭᠰᠠᠨ ᠴᠠᠬᠢᠭᠤᠷ ᠫᠤᠤ ᠬᠦᠨᠳᠡᠯᠡᠨ ᠡᠭᠦᠷᠴᠦ᠂ ᠳᠠᠭᠠᠬᠢᠷᠠᠭᠰᠠᠨ ᠪᠦᠳᠦᠭᠦᠨ ᠬᠠᠷ᠎ᠠ ᠭᠡᠵᠢᠭᠡ᠎ᠪᠡᠨ ᠳᠠᠷᠠᠢᠭ᠍ᠰᠠᠨ ᠬᠠᠭᠤᠴᠢᠨ ᠬᠦᠬᠡ ᠶᠠᠩᠪᠤ ᠠᠯᠴᠢᠭᠤᠷ᠎ᠢᠶᠠᠷ ᠰᠢᠭᠤᠵᠠᠢ᠃ ᠰᠢᠷᠤᠢ᠎ᠳᠤ ᠪᠤᠭᠤᠷᠤᠯ ᠪᠤᠯᠤᠭᠰᠠᠨ ᠦᠳᠬᠡᠨ ᠬᠠᠷ᠎ᠠ ᠬᠦᠮᠦᠰᠭᠡᠨ ᠲᠤᠤᠷᠠᠬᠢ ᠲᠤᠮᠣ᠌ ᠭᠡᠭᠴᠢ᠎ᠶᠢᠨ ᠳᠦᠷᠯᠡᠭᠡᠷ ᠨᠢᠳᠦ ᠨᠢ ᠤᠳᠠᠭᠠᠨ ᠴᠠᠪᠴᠢᠯᠠᠵᠤ᠂ ᠬᠦᠯᠦᠰᠦ ᠳᠠᠭᠠᠪᠤᠷᠯᠠᠭᠰᠠᠨ ᠬᠦᠷᠡᠩ ᠨᠢᠭᠤᠷ ᠲᠤᠨᠢ ᠤᠷᠲᠤ ᠵᠠᠮ᠎ᠤᠨ ᠠᠯᠵᠢᠶᠠᠯ ᠢᠯᠡᠷᠡᠵᠦ᠂ ᠭᠦᠨ ᠪᠤᠳᠤᠯ᠎ᠳᠤ ᠠᠪᠲᠠᠭᠳᠠᠨ ᠭᠦᠷᠯᠡᠢᠬᠦ᠎ᠶᠢ ᠬᠠᠷᠠᠪᠠᠯ ᠶᠠᠳᠠᠷᠠᠭᠰᠠᠨ ᠪᠤᠶᠤ ᠠᠭᠤᠷᠯᠠᠭᠰᠠᠨ ᠠᠯᠢᠨ ᠪᠤᠯᠬᠤ ᠨᠢ ᠮᠡᠳᠡᠭᠳᠡᠮ᠎ᠡ ᠦᠭᠡᠢ ᠠᠵᠠᠢ᠃ ᠡᠨᠡ ᠬᠦᠮᠦᠨ ᠳᠠᠬᠢᠨ ᠳᠠᠬᠢᠨ ᠡᠷᠭᠢᠵᠦ ᠬᠠᠷᠠᠨ᠂ ᠵᠠᠷᠢᠮ᠎ᠳᠠᠭᠠᠨ ᠵᠤᠭᠰᠤᠨ᠂ ᠠᠴᠢᠶ᠎ᠠ ᠪᠡᠨ ᠵᠠᠰᠠᠨ ᠶᠠᠪᠤᠭᠰᠠᠭᠠᠷ ᠤᠷᠤᠢ᠎ᠶᠢᠨ ᠨᠠᠷᠠ ᠠᠭᠤᠯᠠ᠎ᠶᠢᠨ ᠲᠤᠯᠤᠭᠠᠢ ᠰᠢᠭᠦᠷᠡᠬᠦ ᠦᠶ᠎ᠡ᠎ᠳᠦ ᠵᠠᠮ᠎ᠡᠴᠡ ᠭᠠᠷᠴᠤ ᠭᠤᠤᠯ᠎ᠤᠨ ᠡᠷᠭᠢ ᠴᠢᠭᠯᠡᠪᠡ᠃ ᠳᠡᠷᠭᠡ᠎ᠤ᠎ᠪᠠᠨ ᠰᠡᠭᠦᠳᠡᠷ᠎ᠲᠦ ᠲᠠᠪᠠᠲᠠᠢ ᠵᠠᠪᠢᠯᠠᠨ ᠰᠠᠭᠤᠭᠠᠳ ᠡᠪᠦᠷ᠎ᠡᠴᠡ᠎ᠪᠡᠨ ᠮᠤᠳᠤ ᠲᠤᠯᠤᠭᠠᠢ ᠲᠠᠮᠠᠬᠢ᠎ᠪᠠᠨ ᠲᠠᠲᠠᠵᠤ᠂ ᠤᠲᠤᠭ᠎ᠠ᠎ᠶᠢ ᠨᠢ ᠠᠯᠭᠤᠷᠬᠠᠨ ᠦᠯᠢᠶᠡᠨ ᠭᠠᠷᠭᠠᠬᠤ ᠵᠠᠭᠤᠷ᠎ᠠ ᠨᠤᠭᠤᠭᠠᠨ᠎ᠤ ᠦᠵᠦᠭᠦᠷ ᠢᠮᠡᠷᠡᠨ ᠤᠷᠤᠯᠳᠤᠨ᠎ᠠ᠃
   ᠡᠨᠡ ᠬᠦᠮᠦᠨ᠎ᠢ ᠡᠷᠳᠡᠨᠢ ᠭᠡᠳᠡᠭ᠃ ᠵᠠᠰᠠᠭᠲᠤ ᠬᠠᠨ᠎ᠤ ᠬᠤᠰᠢᠭᠤᠨ᠎ᠤ ᠣᠯᠭᠤᠨᠤᠳ ᠤᠳᠤᠭ᠎ᠤᠨ ᠬᠦᠮᠦᠨ᠃ ᠤᠤᠯ᠎ᠡᠴᠡ ᠡᠴᠢᠭᠡ᠎ᠡᠴᠡ ᠠᠬ᠎ᠠ ᠳᠡᠭᠦᠦ ᠬᠤᠶᠠᠭᠤᠯᠠ ᠪᠦᠭᠡᠳ ᠪᠠᠭ᠎ᠠ᠎ᠳᠠᠭᠠᠨ ᠦᠨᠦᠴᠢᠷᠡᠨ ᠠᠢᠯ ᠳᠠᠮᠵᠢᠨ ᠵᠠᠷᠤᠭᠳᠠᠵᠤ ᠪᠤᠷᠤ ᠬᠤᠨᠤᠭ ᠦᠩᠭᠡᠷᠡᠭᠦᠯᠦᠨ ᠶᠠᠪᠤᠵᠠᠢ᠃
   ᠳᠡᠭᠦᠦ ᠨᠢ ᠲᠡᠮᠦᠷ ᠭᠡᠭᠴᠢ ᠬᠦᠮᠦᠨ ᠪᠤᠢ᠃ ᠠᠷᠪᠠᠨ ᠵᠢᠷᠭᠤᠭᠠᠨ ᠨᠠᠰᠤᠨ᠎ᠳᠠᠭᠠᠨ ᠰᠢᠯᠢ᠎ᠶᠢᠨ ᠰᠠᠢᠨ ᠡᠷᠡᠴᠤᠳ ᠲᠠᠢ ᠨᠡᠢᠯᠡᠵᠦ ᠤᠳᠠᠯ ᠦᠭᠡᠢ ᠡᠷᠡᠮᠡᠭ ᠵᠣᠷᠢᠭ᠋᠂ ᠡᠷ᠎ᠡ ᠴᠢᠳᠠᠯ᠂ ᠤᠬᠠᠭᠠᠨ ᠰᠠᠨᠠᠭ᠎ᠠ᠎ᠪᠠᠷ ᠭᠠᠢᠬᠠᠭᠳᠠᠭᠰᠠᠨ << ᠵᠠᠰᠠᠭᠲᠤ ᠬᠠᠨ᠎ᠤ ᠴᠠᠬᠢᠭᠤᠷ ᠲᠡᠮᠦᠷ >> ᠭᠡᠵᠦ ᠠᠯᠳᠠᠷᠰᠢᠨ ᠬᠠᠯᠬ᠎ᠠ ᠲᠦᠷᠪᠡᠨ ᠠᠢᠮᠠᠭ᠂ ᠱᠠᠪᠢ ᠲᠠᠪᠤ᠎ᠳᠤ ᠳᠤᠮᠤᠭ ᠮᠡᠲᠦ ᠶᠠᠷᠢᠭ᠍ᠳᠠᠳᠠᠭ ᠪᠣᠯᠵᠠᠢ᠃
   ᠥᠨᠥ᠍᠎ᠡᠴᠡ ᠭᠤᠷᠪᠠᠨ ᠵᠢᠯ᠎ᠦᠨ ᠡᠮᠦᠨ᠎ᠡ᠂ ᠠᠬ᠎ᠠ᠎ᠶᠢᠨ᠎ᠳᠠᠭᠠᠨ ᠭᠦᠨ ᠰᠦᠨᠢ ᠦᠯᠦ ᠲᠠᠨᠢᠬᠤ ᠬᠤᠶᠠᠷ ᠬᠦᠮᠦᠨ᠎ᠦ ᠬᠠᠮᠲᠤ ᠢᠷᠡᠵᠦ ᠠᠭᠤᠯᠵᠠᠭᠠᠳ ᠦᠷ ᠰᠦᠨᠢ ᠰᠠᠯᠬᠤ᠎ᠶᠢᠨ ᠦᠶ᠎ᠡ᠎ᠳᠦ ᠶᠠᠪᠤᠵᠠᠢ᠃ ᠲᠡᠭᠡᠬᠦ᠎ᠳᠡᠭᠡᠨ ᠴᠣᠬᠣᠷ ᠶᠤᠸᠠᠮᠪᠤᠤ᠂ ᠤᠷᠤᠰ᠎ᠤᠨ ᠴᠠᠭᠠᠨ ᠬᠠᠭᠠᠨ᠎ᠤ ᠴᠥᠯᠭᠥᠪ ᠭᠤᠴᠢᠭᠠᠳ᠎ᠢ ᠬᠠᠮᠲᠤ ᠦᠭᠴᠡᠢ᠃
   ᠲᠡᠭᠦᠨ᠎ᠡᠴᠡ ᠬᠤᠢᠰᠢ ᠠᠬ᠎ᠠ ᠳᠡᠭᠦᠦ ᠬᠤᠶᠠᠷ ᠨᠢᠭᠤᠷ ᠤᠴᠠᠷᠠᠭ᠎ᠠ ᠦᠭᠡᠢ᠃ ᠵᠦᠪᠬᠡᠨ ᠯᠡ ᠰᠤᠷᠠᠭ᠎ᠢᠶᠠᠷ ᠠᠮᠢᠳᠤ ᠮᠡᠨᠳᠦ᠎ᠪᠡᠨ ᠮᠡᠳᠡᠯᠴᠡᠵᠦ ᠪᠠᠢᠵᠠᠢ᠃ ᠬᠠᠷᠢᠨ ᠰᠡᠭᠦᠯ᠎ᠦᠨ ᠵᠢᠯ ᠭᠠᠷᠤᠢ᠎ᠶᠢᠨ ᠳᠣᠲᠤᠷ᠎ᠠ ᠡᠷᠳᠡᠨᠢ᠂ ᠳᠡᠭᠦᠦ᠎ᠶᠢᠨ᠎ᠢᠶᠡᠨ ᠲᠤᠬᠠᠢ ᠶᠠᠮᠠᠷ ᠴᠤ᠌ ᠰᠤᠷᠠᠭ ᠰᠣᠨᠣᠰᠤᠭᠰᠠᠨ ᠦᠭᠡᠢ᠃ ᠡᠷᠳᠡᠨᠢ᠎ᠶᠢᠨ ᠦᠪᠡᠷ᠎ᠦᠨ ᠬᠢᠨᠢ ᠬᠤᠪᠢ᠎ᠳᠤ ᠭᠡᠪᠡᠯ ᠪᠠᠭ᠎ᠠ᠎ᠳᠠᠭᠠᠨ ᠳᠤᠨᠤᠢ ᠲᠠᠢᠵᠢ᠎ᠶᠢᠨ ᠬᠣᠨᠢ ᠬᠠᠷᠢᠭᠤᠯᠵᠤ᠂ ᠬᠤᠷᠳᠤᠨ ᠮᠣᠷᠢ᠎ᠶᠢ ᠨᠢ ᠤᠨᠤᠵᠤ ᠪᠠᠢᠬᠤ᠎ᠳᠠᠭᠠᠨ ᠬᠦᠦ ᠴᠢᠯᠠᠭᠤ᠎ᠶᠢᠨ ᠬᠢᠨᠢ ᠪᠢᠴᠢᠭ᠌ ᠵᠢᠭᠠᠯᠭᠠᠬᠤ᠎ᠶᠢᠨ ᠳᠠᠯᠢᠮ᠎ᠢᠶᠠᠷ ᠪᠢᠴᠢᠭ᠌ ᠰᠤᠷᠴᠤ᠂ ᠤᠤᠯ᠎ᠡᠴᠡ ᠤᠬᠠᠭᠠᠨ ᠰᠡᠷᠭᠦᠯᠡᠩ ᠪᠤᠯᠬᠤᠷ << ᠣᠶᠤᠨ ᠳᠦᠯᠬᠢᠭᠦᠷ >>᠂ << ᠴᠠᠭᠠᠨ ᠰᠢᠪᠠᠭᠤ >>᠂ << ᠭᠤᠷᠪᠠᠨ ᠤᠯᠤᠰ᠎ᠤᠨ ᠪᠢᠴᠢᠭ᠌ >>᠂ << ᠠᠯᠳᠠᠨ ᠲᠣᠪᠴᠢ >>᠎ᠡᠴᠡ ᠡᠬᠢᠯᠡᠨ ᠣᠯᠳᠠᠭᠰᠠᠨ ᠶᠠᠭᠤᠮ᠎ᠠ ᠪᠦᠬᠦᠨ᠎ᠢ ᠣᠩᠰᠢᠨ᠂ ᠭᠤᠶᠤᠭᠰᠠᠨ ᠬᠦᠮᠦᠨ᠎ᠳᠦ ᠡᠷᠭᠦᠳᠡᠯ ᠵᠠᠬᠢᠶ᠎ᠠ ᠪᠢᠴᠢᠵᠦ ᠤᠳᠠᠯ ᠦᠭᠡᠢ << ᠪᠢᠴᠢᠭᠡᠴᠢ ᠡᠷᠳᠡᠨᠢ >> ᠭᠡᠵᠦ ᠨᠤᠲᠤᠭ᠎ᠲᠠᠭᠠᠨ ᠠᠯᠳᠠᠷᠰᠢᠵᠠᠢ᠃
   ᠠᠷᠪᠠᠨ ᠨᠠᠢ᠍ᠮᠠᠨ ᠨᠠᠰᠤᠨ᠎ᠳᠠᠭᠠᠨ ᠨᠤᠲᠤᠭ᠎ᠤᠨ ᠳᠣᠯᠭᠠᠷ ᠭᠡᠳᠡᠭ ᠪᠦᠰᠡᠭᠦᠢ ᠲᠠᠢ ᠳᠡᠷ᠎ᠡ ᠨᠡᠢᠯᠡᠭᠦᠯᠦᠨ ᠭᠡᠷ ᠪᠠᠷᠢᠵᠤ ᠠᠮᠢᠳᠤᠷᠠᠪᠠ᠃ ᠪᠠᠰᠠ ᠠᠷᠪᠠᠭᠠᠳ ᠰᠠᠷᠯᠤᠭ᠂ ᠬᠤᠶᠠᠷ ᠭᠤᠷᠪᠠᠨ ᠤᠨᠤᠬᠤ ᠮᠣᠷᠢ᠂ ᠬᠡᠳᠦᠨ ᠬᠣᠨᠢ ᠲᠠᠢ ᠪᠣᠯᠵᠠᠢ᠃
   ᠡᠷᠳᠡᠨᠢ᠂ ᠪᠤᠰᠤᠳ ᠬᠦᠮᠦᠨ ᠰᠢᠭ᠌ ᠵᠤᠪᠠᠬᠤ᠎ᠳᠠᠭᠠᠨ ᠵᠣᠪᠠᠵᠤ᠂ ᠥᠯᠥᠰᠬᠦ᠎ᠳᠡᠭᠡᠨ ᠥᠯᠥᠰᠴᠦ᠂ ᠪᠠᠶᠠᠷᠯᠠᠬᠤ᠎ᠳᠠᠭᠠᠨ ᠪᠠᠶᠠᠷᠯᠠᠭᠠᠳ᠂ ᠬᠣᠷᠤᠰᠬᠤ᠎ᠳᠠᠭᠠᠨ ᠬᠣᠷᠣᠰᠤᠭᠠᠳ ᠠᠮᠢᠳᠤᠷᠠᠵᠤ ᠪᠣᠯᠬᠤ ᠪᠠᠢᠵᠠᠢ᠃ ᠭᠡᠲᠡᠯ᠎ᠡ ᠰᠢᠨ᠎ᠡ᠎ᠪᠡᠷ ᠰᠢᠷᠡᠭᠡ ᠵᠠᠯᠭᠠᠭᠰᠠᠨ ᠵᠠᠰᠠᠭ ᠬᠠᠨ ᠭᠤᠮᠪᠤᠵᠠᠪ᠎ᠤᠨ ᠵᠠᠩ ᠠᠪᠤᠷᠢ ᠰᠢᠷᠦᠭᠦᠨ᠂ ᠠᠷᠠᠳ ᠣᠯᠠᠨ᠎ᠢ ᠵᠣᠪᠠᠭᠠᠬᠤ ᠨᠢ ᠬᠢᠷᠢ ᠬᠡᠮᠵᠢᠶ᠎ᠡ᠎ᠡᠴᠡ ᠬᠡᠲᠦᠷᠡᠬᠦ᠎ᠳᠦ ᠴᠢᠭᠤᠯᠭᠠᠨ ᠳᠠᠷᠤᠭ᠎ᠠ᠂ ᠮᠣᠩᠭᠣᠯ᠂ ᠮᠠᠨᠵᠤ ᠵᠤᠷᠭᠠᠨ᠎ᠢ ᠳᠠᠮᠵᠢᠨ ᠵᠠᠷᠭᠣᠯᠳᠤᠪᠠ᠃
   ᠭᠡᠪᠡᠴᠦ ᠨᠣᠶᠠᠨ ᠲᠠᠢ ᠥᠰᠢᠶ᠎ᠡ ᠲᠠᠢ ᠪᠣᠯ ᠬᠣᠩᠭᠣ᠌ ᠦᠭᠡᠢ᠂ ᠨᠤᠬᠠᠢ ᠲᠠᠢ ᠦᠰᠢᠶ᠎ᠡ ᠲᠠᠢ ᠪᠣᠯ ᠬᠣᠷᠮᠣᠢ ᠦᠭᠡᠢ ᠭᠡᠳᠡᠭ ᠳᠡᠮᠡᠢ ᠦᠭᠡ ᠪᠢᠰᠢ ᠪᠤᠯᠬᠤᠷ ᠭᠣᠮᠪᠣᠵᠠᠪ ᠬᠣᠰᠢᠭᠣᠨ᠎ᠤ ᠬᠥᠷᠥᠩᠭᠡ᠎ᠪᠡᠷ ᠬᠥᠯ ᠬᠦᠷᠬᠦ ᠭᠠᠵᠠᠷ ᠪᠦᠬᠦᠨ᠎ᠳᠦ ᠬᠡᠭᠡᠯᠢ ᠬᠠᠬᠤᠤᠯᠢ ᠴᠢᠳᠬᠤᠵᠤ ᠪᠠᠢᠭᠠᠳ ᠡᠵᠡᠨ ᠨᠣᠶᠠᠨ ᠲᠠᠢ᠎ᠪᠠᠨ ᠬᠠᠷᠭᠤᠯᠳᠤᠭᠰᠠᠨ ᠳᠡᠷᠰᠭᠦᠳ ᠠᠯᠪᠠᠲᠤ᠎ᠶᠢ ᠤᠯᠢᠶᠠᠰᠤᠲᠠᠢ᠎ᠶᠢᠨ ᠪᠠᠲᠤ ᠭᠦᠨ᠎ᠳᠦ ᠬᠣᠷᠢᠪᠠ᠃ ᠲᠡᠨᠳᠡ ᠦᠰᠦ ᠪᠥᠭᠡᠰᠦᠨ᠎ᠳᠡᠭᠡᠨ ᠪᠠᠷᠢᠭ᠍ᠳᠠᠨ ᠵᠢᠯ ᠭᠠᠷᠤᠢ ᠪᠣᠯᠵᠤ ᠪᠠᠢᠳᠠᠯ᠎ᠠ ᠮᠣᠩᠭᠣᠯ ᠤᠯᠤᠰ ᠮᠠᠨᠵᠤ᠎ᠡᠴᠡ ᠲᠤᠰᠠᠭᠠᠷᠯᠠᠨ ᠪᠣᠭᠳᠠ ᠵᠢᠪᠵᠤᠨᠳᠠᠮᠪᠠ ᠬᠣᠳᠣᠭᠲᠣ᠌ ᠲᠥᠷᠥ᠍ ᠱᠠᠰᠢᠨ᠎ᠢ ᠬᠣᠣᠰᠯᠠᠭᠤᠯᠤᠨ ᠪᠠᠷᠢᠭ᠍ᠴᠢ ᠨᠠᠷᠠᠨᠭᠡᠷᠡᠯᠲᠦ ᠲᠦᠮᠡᠨ ᠨᠠᠰᠤᠲᠤ ᠡᠵᠡᠨ ᠪᠤᠯᠤᠭᠠᠳ ᠥᠷᠦᠰᠢᠶᠡᠯ ᠲᠥᠭᠡᠭᠡᠵᠦ ᠡᠷᠳᠡᠨᠢ ᠭᠢᠨᠳᠠᠨ᠎ᠡᠴᠡ ᠭᠠᠷᠴᠠᠢ᠃
   ᠪᠠᠲᠤ ᠭᠦᠨ᠎ᠳᠦ ᠰᠠᠭᠤᠵᠤ ᠪᠠᠢᠬᠤ᠎ᠳᠠᠭᠠᠨ ᠳᠡᠭᠦᠦ ᠲᠠᠢ ᠨᠢ ᠬᠠᠮᠲᠤ ᠭᠣᠪᠢ ᠮᠡᠷᠭᠡᠨ ᠸᠠᠩ᠎ᠤᠨ ᠨᠤᠶᠠᠨ᠎ᠤ ᠰᠦᠷᠦᠭ᠎ᠡᠴᠡ ᠲᠠᠰᠤᠯᠤᠨ ᠬᠥᠭᠡᠭᠡᠵᠦ᠂ ᠴᠡᠴᠡᠨ ᠰᠠᠷᠳᠠᠭᠤᠯ᠎ᠤᠨ ᠬᠤᠰᠢᠭᠤᠨ᠎ᠳᠤ ᠳᠠᠮᠵᠢᠭᠤᠯᠵᠤ ᠪᠠᠢᠭ᠍ᠰᠠᠨ ᠨᠢᠭᠡ ᠡᠷ᠎ᠡ ᠲᠠᠢ ᠲᠠᠭᠠᠷᠠᠯᠳᠤᠵᠤ ᠲᠡᠮᠦᠷ᠎ᠦᠨ ᠲᠤᠬᠠᠢ ᠡᠳᠦᠢ ᠲᠡᠳᠦᠢ ᠳᠤᠮᠤᠭ ᠰᠢᠭ᠋ ᠶᠠᠷᠢᠶ᠎ᠠ ᠰᠤᠨᠤᠰᠴᠠᠢ᠃
   – ᠮᠣᠷᠢᠨ᠎ᠤ ᠰᠠᠢᠨ᠎ᠢ ᠬᠠᠷᠠᠩᠭᠣᠳᠠ ᠲᠠᠨᠢᠳᠠᠭ᠂ ᠰᠠᠨᠠᠭ᠎ᠠ ᠨᠢ ᠰᠦ ᠰᠢᠭ᠌᠂ ᠴᠢᠳᠠᠯ ᠨᠢ ᠬᠠᠷ᠎ᠠ ᠬᠤᠯᠠᠨ ᠰᠢᠭ᠋ ᠡᠷ᠎ᠡ ᠳᠠ᠃ ᠳᠤᠯᠤᠭᠠᠨ ᠬᠣᠨᠣᠭ᠎ᠤᠨ ᠥᠯᠢ᠎ᠶᠢ ᠳᠠᠭᠤᠯᠠᠵᠤ ᠪᠠᠢᠭᠠᠳ ᠳᠠᠪᠠᠳᠠᠭ ᠬᠦᠮᠦᠨ᠂ ᠳᠠᠯᠠᠨ ᠥᠷᠳᠡᠭᠡ ᠭᠠᠵᠠᠷ᠎ᠢ ᠳᠥᠷᠦᠭᠡᠨ ᠳᠡᠭᠡᠷ᠎ᠡ᠎ᠪᠡᠨ ᠲᠤᠭᠤᠯᠳᠠᠭ ᠡᠷ᠎ᠡ ᠭᠡᠬᠦ ᠵᠡᠷᠭᠡ᠎ᠪᠡᠷ ᠲᠡᠮᠦᠷ᠎ᠢ ᠱᠠᠭ᠍ᠰᠢᠨ ᠮᠠᠭᠲᠠᠵᠠᠢ᠃
   ᠡᠷᠳᠡᠨᠢ᠎ᠶᠢ ᠨᠤᠲᠤᠭ᠎ᠲᠠᠭᠠᠨ ᠣᠴᠢᠬᠤ ᠳ᠋ᠤᠨᠢ ᠬᠣᠷᠤᠰᠤᠭᠰᠠᠨ ᠬᠠᠨ᠎ᠤ ᠬᠠᠪᠴᠢᠯᠭ᠎ᠠ ᠪᠠᠢᠵᠤ ᠰᠠᠭᠤᠬᠤ᠎ᠶᠢᠨ ᠠᠷᠭ᠎ᠠ ᠦᠭᠡᠢ ᠪᠣᠯᠬᠤ᠎ᠳᠤ ᠠᠯᠪᠠᠨ ᠲᠠᠳᠠᠪᠤᠷᠢ ᠠᠯᠢ ᠨᠢᠭᠡ᠎ᠳᠦ ᠥᠴᠦᠬᠡᠨ ᠬᠥᠷᠦᠩᠭᠡ᠎ᠪᠡᠨ ᠬᠠᠮᠤᠵᠤ ᠥᠭᠭᠦᠭᠡᠳ ᠭᠠᠭᠴᠠ ᠮᠣᠷᠢᠨ ᠲᠡᠷᠭᠡᠨ᠎ᠳᠦ ᠶᠠᠭᠤᠮ᠎ᠠ᠎ᠪᠠᠨ ᠠᠴᠢᠵᠤ ᠪᠣᠭᠳᠠ᠎ᠳᠤ ᠮᠥᠷᠭᠦᠬᠦ᠎ᠪᠡᠷ ᠡᠬᠡᠨᠡᠷ ᠬᠡᠦᠬᠡᠳ᠎ᠢᠶᠡᠨ ᠳᠠᠭᠠᠭᠤᠯᠤᠨ ᠬᠦᠷᠢᠶᠡᠨ᠎ᠦ ᠵᠦᠭ ᠵᠠᠮ ᠬᠦᠭᠡᠭᠡᠵᠠᠢ᠃
   ᠡᠷᠳᠡᠨᠢ᠂ ᠲᠠᠮᠠᠬᠢ᠎ᠪᠠᠨ ᠬᠡᠳᠦ ᠲᠠᠬᠢᠨ ᠰᠢᠨᠤᠭ ᠰᠣᠷᠤᠭᠠᠳ᠂ ᠢᠷᠡᠭᠰᠡᠨ ᠵᠠᠮ ᠤᠷᠤᠭᠤ᠎ᠪᠠᠨ ᠬᠠᠷᠠᠯ᠎ᠠ᠃ ᠳᠡᠷᠲᠡᠭᠡ ᠬᠥᠲᠥᠯ᠎ᠦᠨ ᠢᠨᠠᠳᠤ ᠤᠷᠤᠭᠤ ᠣᠷᠣᠭᠰᠠᠨ ᠵᠠᠮ᠎ᠢᠶᠠᠷ ᠬᠡᠦᠬᠡᠳ ᠡᠬᠡᠨᠡᠷ ᠬᠤᠶᠠᠷ ᠨᠢ ᠭᠡᠯᠳᠦᠷᠢᠨ ᠠᠯᠬᠤᠭᠰᠠᠭᠠᠷ ᠢᠷᠡᠵᠤ ᠶᠠᠪᠤᠭ᠎ᠠ᠎ᠶᠢ ᠬᠠᠷᠠᠭᠠᠳ᠂ ᠮᠣᠳᠤ ᠲᠣᠯᠣᠭᠠᠢ᠎ᠪᠠᠨ ᠭᠠᠯ ᠲᠠᠢ ᠨᠢ ᠲᠦᠷᠡᠢᠯᠡᠨ ᠪᠣᠰᠴᠣ᠌ ᠠᠴᠢᠶ᠎ᠠ᠎ᠪᠠᠨ ᠪᠠᠭᠤᠯᠭᠠᠭᠠᠳ ᠶᠠᠭ ᠯᠡ ᠳᠡᠪᠡᠯ ᠰᠢᠭ᠌ ᠨᠢ ᠲᠦᠮᠡᠨ ᠨᠥᠬᠦᠭᠡᠰᠦ ᠪᠣᠯᠵᠤ ᠤᠲᠤᠭᠠᠨ᠎ᠳᠤ ᠰᠢᠷᠠᠯᠠᠨ ᠳᠠᠷᠠᠢᠭ᠍ᠰᠠᠨ ᠵᠢᠵᠢᠭ᠌ ᠮᠠᠢᠬᠠᠨ᠎ᠢᠶᠠᠨ ᠪᠣᠰᠬᠠᠭᠠᠳ ᠠᠷᠭᠠᠯ ᠬᠣᠷᠮᠤᠢᠯᠠᠵᠤ ᠲᠡᠭᠦᠨ ᠭᠤᠷᠪᠠᠨ ᠲᠣᠮᠤ ᠴᠢᠯᠠᠭᠤ ᠲᠤᠯᠤᠨ ᠭᠠᠯᠯᠠᠵᠤ ᠴᠠᠢ ᠴᠢᠨᠠᠪᠠ᠃
   ᠵᠢᠯᠡᠪᠴᠢᠨ ᠲᠣᠭᠤᠭ᠎ᠠ ᠲᠠᠢ ᠴᠠᠢ ᠴᠠᠢᠷᠠᠨ ᠪᠣᠴᠠᠯᠬᠤ ᠦᠶ᠎ᠡ᠎ᠳᠦ ᠡᠬᠡᠨᠡᠷ ᠬᠡᠦᠬᠡᠳ ᠨᠢ ᠴᠤ᠌ ᠢᠷᠡᠯ᠎ᠡ᠃ ᠳᠣᠯᠭᠠᠷ ᠵᠠᠮ᠎ᠳᠠᠭᠠᠨ ᠲᠡᠭᠦᠭᠰᠡᠨ ᠠᠷᠭᠠᠯ᠎ᠢᠶᠠᠨ ᠠᠰᠬᠠᠵᠤ ᠬᠣᠷᠮᠣᠢ᠎ᠪᠠᠨ ᠰᠡᠭᠰᠦᠷᠦᠭᠡᠳ ᠬᠥᠯ᠎ᠢᠶᠡᠨ ᠵᠢᠭᠢᠨ ᠰᠠᠭᠤᠪᠠ᠃ ᠠᠯᠤᠰ᠎ᠤᠨ ᠠᠶᠠᠨ᠂ ᠵᠠᠮ᠎ᠤᠨ ᠰᠢᠷᠤᠢ᠂ ᠬᠤᠷᠴᠠ ᠨᠠᠷᠠᠨ᠎ᠳᠤ ᠪᠣᠷᠤᠯᠠᠭᠰᠠᠨ ᠡᠨᠡ ᠡᠮᠡᠭᠲᠡᠢ᠎ᠶᠢᠨ ᠴᠢᠷᠠᠢ᠎ᠳᠤ ᠠᠯᠵᠢᠶᠠᠯ᠎ᠤᠨ ᠲᠡᠮᠳᠡᠭ ᠲᠣᠳᠣᠷᠬᠠᠢ ᠠᠪᠠᠴᠤ ᠡᠬᠡ᠎ᠶᠢᠨ᠎ᠢᠶᠡᠨ ᠲᠠᠭᠤ᠎ᠶᠢ ᠰᠤᠨᠤᠰᠦᠭ᠍ᠰᠠᠨ ᠪᠤᠲᠤᠭᠤ᠎ᠶᠢᠨ ᠨᠢᠳᠦ ᠰᠢᠭ᠌ ᠲᠣᠷᠮᠤᠯᠵᠠᠭᠰᠠᠨ ᠪᠤᠯᠤᠷ ᠬᠠᠷ᠎ᠠ ᠨᠢᠳᠦᠨ ᠳ᠋ᠤᠨᠢ ᠵᠠᠯᠠᠭᠤ᠎ᠶᠢᠨ ᠭᠠᠯ᠂ ᠬᠥᠳᠡᠭᠡ ᠲᠠᠯ᠎ᠠ᠎ᠶᠢᠨ ᠪᠦᠰᠡᠭᠦᠢ᠎ᠶᠢᠨ ᠭᠤᠸ᠎ᠠ ᠵᠢᠪᠬᠤᠯᠠᠩ ᠲᠣᠳᠤᠷᠬᠠᠢ ᠠᠵᠠᠢ᠃
   – ᠬᠦᠦ ᠮᠠᠨᠢ ᠶᠠᠪᠤᠵᠤ ᠥᠭᠳᠡᠭ ᠦᠭᠡᠢ ᠰᠢᠤ ᠭᠡᠳ ᠢᠨᠢᠶᠡᠮᠰᠦᠭᠯᠡᠬᠦ ᠳ᠋ᠤᠨᠢ ᠵᠢᠭᠲᠡᠭᠡᠨ ᠪᠦᠭᠡᠳ ᠳᠤᠩ ᠴᠠᠭᠠᠨ ᠰᠢᠳᠦ ᠢᠷᠠᠯᠵᠠᠪᠠ᠃
   – ᠴᠢ ᠮᠢᠨᠢ ᠠᠮᠠᠷᠠᠵᠤ ᠦᠵᠡ᠃ ᠪᠢ ᠲᠤᠩᠪᠤ᠎ᠪᠠᠨ ᠵᠠᠢᠯᠤᠭᠠᠳ ᠴᠠᠢ᠎ᠪᠠᠨ ᠠᠭᠤᠳᠠᠯᠵᠤ ᠣᠷᠬᠢᠶ᠎ᠠ ᠭᠡᠳ ᠡᠷᠳᠡᠨᠢ ᠲᠡᠷᠭᠡᠨ ᠲᠡᠭᠡᠷ᠎ᠡ᠎ᠡᠴᠡ ᠭᠠᠤᠯᠢᠨ ᠲᠣᠩᠪᠤ ᠠᠪᠤᠭᠠᠳ ᠵᠢᠷᠭᠠᠵᠤ ᠪᠠᠢᠭ᠎ᠠ ᠨᠠᠷᠠᠨ᠎ᠤ ᠭᠡᠷᠡᠯ᠎ᠳᠦ ᠭᠢᠯᠲᠠᠭᠠᠨᠠᠨ ᠮᠢᠷᠠᠯᠵᠠᠵᠤ ᠪᠠᠢᠭ᠎ᠠ ᠭᠣᠣᠯ᠎ᠤᠨ ᠵᠦᠭ ᠶᠠᠪᠤᠯ᠎ᠠ᠃
   ᠳᠣᠲᠤᠷᠠᠬᠢ᠎ᠪᠠᠨ ᠤᠭᠲᠤ ᠨᠢᠭᠤᠬᠤ ᠦᠭᠡᠢ ᠭᠡᠰᠡᠨ ᠮᠡᠲᠦ ᠲᠤᠩᠭᠠᠯᠠᠭ ᠭᠤᠤᠯ᠎ᠤᠨ ᠡᠷᠭᠢᠨ ᠳᠡᠭᠡᠷ᠎ᠡ ᠶᠠᠪᠠᠭᠠᠨ ᠰᠠᠭᠤᠭᠠᠳ ᠲᠣᠩᠪᠤ᠎ᠪᠠᠨ ᠵᠠᠢᠯᠠᠬᠤ ᠵᠠᠭᠤᠷ᠎ᠠ << ᠤᠰᠤ ᠬᠠᠷᠠᠭᠰᠠᠨ ᠬᠦᠮᠦᠨ ᠤᠢᠳᠳᠠᠭ ᠦᠭᠡᠢ >> ᠭᠡᠵᠦ ᠰᠤᠨᠤᠰᠦᠭ᠍ᠰᠠᠨ ᠨᠢ ᠡᠷᠳᠡᠨᠢ᠎ᠶᠢᠨ ᠰᠡᠳᠬᠢᠯ᠎ᠳᠦ ᠣᠷᠤᠵᠤ ᠨᠢᠭᠤᠷ᠎ᠢᠶᠠᠨ ᠤᠭᠢᠶᠠᠭᠠᠳ ᠲᠣᠲᠤᠭᠠᠳᠤ ᠬᠣᠷᠮᠣᠢ᠎ᠪᠠᠷ᠎ᠢᠶᠠᠨ ᠠᠷᠴᠢᠪᠠ᠃
   ᠪᠣᠰᠴᠣ᠌ ᠰᠢᠭᠤᠳ ᠶᠠᠪᠤᠭᠰᠠᠭᠠᠷ ᠭᠠᠯ᠎ᠤᠨ ᠳᠡᠷᠭᠡᠳᠡ ᠢᠷᠡᠭᠡᠳ ᠣᠪᠤᠯᠵᠠᠨ ᠪᠣᠴᠠᠯᠵᠤ ᠪᠠᠢᠭ᠎ᠠ ᠴᠠᠢ᠎ᠡᠴᠡ ᠵᠢᠵᠢᠭ᠌ ᠲᠡᠮᠦᠷ ᠰᠢᠨᠠᠭ᠎ᠠ᠎ᠪᠠᠷ ᠤᠳᠬᠤᠵᠤ << ᠲᠠᠢᠰᠢᠷᠢ ᠬᠠᠨ ᠮᠢᠨᠢ >> ᠭᠡᠵᠦ ᠰᠢᠪᠡᠭᠡᠨᠡᠨ ᠪᠠᠷᠠᠭᠤᠨ ᠵᠦᠭ ᠡᠷᠭᠦᠭᠰᠡᠨ᠎ᠢᠶᠡᠨ ᠲᠠᠬᠢᠨ ᠤᠳᠬᠤᠵᠤ << ᠬᠠᠩᠭᠠᠢ ᠳᠡᠯᠡᠬᠡᠢ ᠮᠢᠨᠢ >> ᠭᠡᠳ ᠡᠮᠦᠨᠡᠬᠢ ᠲᠦᠩᠭᠦᠭᠡᠷ ᠨᠤᠭᠤᠭᠠᠨ ᠠᠭᠤᠯᠠ ᠥᠭᠡᠳᠡ ᠡᠷᠭᠦᠪᠡ᠃
   ᠬᠤᠯᠠ ᠵᠠᠮ᠎ᠳᠤ ᠶᠠᠳᠠᠷᠠᠭᠰᠠᠨ ᠭᠤᠷᠪᠠᠨ ᠬᠥᠮᠥᠨ ᠨᠣᠭᠣᠭᠠᠨ ᠵᠦᠯᠭᠡᠨ ᠳᠡᠭᠡᠷ᠎ᠡ ᠴᠢᠨᠳᠠᠮᠤᠨᠢᠯᠠᠨ ᠰᠠᠭᠤᠭᠠᠳ᠂ ᠦᠨᠦᠷ ᠨᠢ ᠬᠠᠩᠬᠤᠯᠤᠭᠰᠠᠨ ᠵᠠᠮᠪᠠᠭ᠎ᠠ ᠠᠶᠠᠭ᠎ᠠ ᠳᠦᠭᠦᠷᠡᠩ ᠵᠢᠭᠤᠷᠠᠵᠤ᠂ ᠪᠦᠭᠡᠷᠡᠩᠬᠡᠢᠯᠡᠨ ᠪᠠᠵᠠᠵᠤ ᠬᠣᠷᠮᠣᠢ ᠳᠡᠭᠡᠷ᠎ᠡ᠎ᠪᠡᠨ ᠲᠠᠯᠪᠢᠭᠠᠳ ᠠᠶᠠᠭᠠᠨ᠎ᠳᠠᠭᠠᠨ ᠬᠠᠷ᠎ᠠ ᠴᠠᠢ ᠳᠦᠭᠦᠷᠭᠡᠵᠦ ᠠᠪᠤᠭᠠᠳ ᠢᠳᠡᠵᠦ ᠤᠤᠭᠤᠵᠤ ᠪᠠᠢᠬᠤ᠎ᠳᠠᠭᠠᠨ ᠬᠤᠷᠸ᠎ᠠ᠎ᠶᠢᠨ ᠪᠥᠬᠥ ᠵᠣᠪᠠᠯᠠᠩ᠎ᠢ ᠮᠠᠷᠲᠠᠵᠤ᠂ ᠥᠩᠭᠡᠷᠡᠭᠰᠡᠨ ᠢᠷᠡᠭᠡᠳᠦᠢ᠎ᠶᠢᠨ ᠭᠤᠨᠢᠭ᠍ᠲᠤ ᠶᠠᠪᠤᠳᠠᠯ᠎ᠤᠨ ᠲᠤᠬᠠᠢ ᠣᠭᠲᠣᠬᠠᠨ ᠴᠤ᠌ ᠪᠣᠳᠣᠯ ᠦᠭᠡᠢ ᠬᠥᠭᠵᠢᠯᠳᠦᠨ ᠢᠨᠢᠶᠡᠯᠳᠦᠵᠦ᠂ ᠬᠥᠭᠡᠷᠦᠯᠳᠦᠨ ᠶᠠᠷᠢᠯᠴᠠᠪᠠ᠃
   – ᠠᠪᠤ ᠡ᠂ ᠪᠣᠭᠳᠠ᠎ᠶᠢᠨ ᠬᠦᠷᠢᠶ᠎ᠡ ᠬᠡᠵᠢᠶ᠎ᠡ ᠣᠷᠣᠬᠣ᠌ ᠪᠣᠢ ᠭᠡᠵᠤ ᠪᠠᠲᠤ ᠶ᠋ᠢᠨ ᠠᠰᠠᠭᠤᠬᠤ᠎ᠳᠦ ᠡᠷᠳᠡᠨᠢ ᠵᠠᠵᠢᠯᠵᠤ ᠪᠠᠢᠭ᠍ᠰᠠᠨ ᠭᠤᠯᠢᠷ᠎ᠢᠶᠠᠨ ᠵᠠᠯᠭᠢᠵᠤ᠂ ᠬᠣᠢᠨ᠎ᠠ᠎ᠡᠴᠡ ᠨᠢ ᠴᠠᠢ᠎ᠪᠠᠨ ᠪᠠᠯᠭᠤᠭᠰᠠᠨ᠎ᠢᠶᠠᠨ ᠄
   – ᠤᠳᠠᠬᠤ ᠦᠭᠡᠢ᠂ ᠬᠠᠷᠢᠨ ᠴᠢ ᠦᠨᠦᠳᠦᠷ᠎ᠦᠨ ᠬᠢ ᠰᠢᠭ᠌ ᠬᠠᠱᠠᠩᠨᠠᠭᠠᠳ ᠪᠠᠢᠪᠠᠯ ᠬᠦᠷᠢᠶ᠎ᠡ ᠤᠯᠠᠮ ᠬᠣᠯᠠᠳᠠᠨ᠎ᠠ ᠰᠢᠦ ᠭᠡᠯ᠎ᠡ᠃
   – ᠪᠢ ᠶᠠᠪᠤᠶ᠎ᠠ ᠭᠡᠳ ᠯᠡ ᠪᠠᠢᠬᠤ᠎ᠳᠤ ᠡᠨᠡ ᠬᠥᠯ ᠴᠢᠨᠢ ᠶᠠᠳᠠᠷᠠᠭᠠᠳ ᠪᠣᠯᠬᠤ ᠦᠭᠡᠢ ᠶᠤᠮ ᠭᠡᠵᠦ ᠪᠠᠲᠤ ᠭᠤᠮᠦᠳᠠᠯ ᠲᠠᠢ ᠬᠡᠯᠡᠬᠦ᠎ᠳᠦ ᠡᠴᠢᠭᠡ ᠡᠬᠡ ᠬᠣᠶᠠᠷ ᠨᠢ ᠬᠦᠦ᠎ᠪᠡᠨ ᠥᠬᠦᠭᠡᠷᠳᠡᠨ ᠢᠨᠢᠶᠡᠪᠡ᠃
   – ᠪᠠᠷᠠᠭᠤᠨ ᠭᠠᠷ᠎ᠲᠤ ᠥᠩᠭᠡᠷᠡᠳᠡᠭ ᠲᠣᠮᠤ ᠴᠢᠯᠠᠭᠤ᠂ ᠨᠥᠭᠦᠭᠡ ᠲᠠᠢᠬᠠᠷ ᠴᠢᠯᠠᠭᠤ ᠭᠡᠳᠡᠭ ᠮᠦᠨ ᠦᠦ ᠭᠡᠵᠤ ᠳᠣᠯᠭᠠᠷ ᠠᠰᠠᠭᠤᠪᠠ᠃
   – ᠮᠦᠨ᠂ ᠠᠪᠤᠷᠭᠤ ᠡᠳ᠋ ᠰᠢᠦ᠃
   ᠢᠭ᠌᠎ᠦᠨ ᠳᠠᠪᠠᠭᠠᠨ᠎ᠤ ᠴᠠᠭᠠᠨ᠎ᠠ ᠪᠠᠢᠳᠠᠭ ᠮᠣᠭᠠᠢ᠎ᠶᠢᠨ ᠵᠠᠮ ᠭᠡᠭᠴᠢ ᠬᠠᠷᠠᠭᠳᠠᠭᠰᠠᠨ᠎ᠡᠴᠡ ᠡᠬᠢᠯᠡᠨ ᠲᠠᠢᠬᠠᠷ ᠴᠢᠯᠠᠭᠤᠨ᠎ᠤ ᠲᠤᠬᠠᠢ ᠳᠣᠮᠤᠭ᠎ᠢ ᠡᠬᠡᠨᠡᠷ᠂ ᠬᠡᠦᠬᠡᠳ᠎ᠲᠡᠬᠡᠨ ᠡᠷᠳᠡᠨᠢ ᠶᠠᠷᠢᠵᠤ ᠥᠭᠭᠦᠭᠰᠡᠨ ᠪᠢᠯᠡ᠃
   ᠭᠠᠢᠬᠠᠮᠰᠢᠭ᠍ᠲᠤ ᠭᠡᠭᠡᠨ᠎ᠦ ᠷᠢᠳᠢ ᠰᠢᠳᠢ᠎ᠳᠦ ᠪᠢᠰᠢᠷᠡᠭᠰᠡᠨ ᠲᠡᠷᠡ ᠮᠣᠨᠳᠠᠭ ᠴᠢᠯᠠᠭᠤᠨ᠎ᠤ ᠬᠣᠢᠭᠤᠷ ᠭᠠᠷᠬᠤ᠎ᠳᠠᠭᠠᠨ ᠭᠤᠷᠪᠠᠨ ᠬᠠᠯᠠᠭᠤᠨ ᠠᠮᠢ᠎ᠪᠠᠨ ᠳᠠᠭᠠᠳᠬᠠᠨ᠂ ᠠᠷᠪᠠᠨ ᠬᠡᠳᠦᠨ ᠤᠳᠠᠭ᠎ᠠ ᠰᠤᠨᠵᠤ ᠮᠥᠷᠭᠦᠵᠠᠢ᠃
   – ᠡᠵᠢ ᠡ᠂ ᠲᠠ ᠬᠡᠨ᠎ᠳᠦ ᠮᠥᠷᠭᠥᠵᠦ ᠪᠠᠢᠭ᠎ᠠ ᠶᠤᠮ ᠪᠤᠢ ᠭᠡᠵᠦ ᠳᠡᠷᠭᠡᠳᠡ ᠨᠢ ᠵᠣᠭᠰᠤᠵᠤ ᠪᠠᠢᠭ᠍ᠰᠠᠨ ᠪᠠᠲᠤ ᠠᠰᠠᠭᠤᠪᠠ᠃
   – ᠵᠠᠶ᠎ᠠ ᠭᠡᠭᠡᠨ᠎ᠳᠦ ᠮᠥᠷᠭᠥᠵᠦ ᠪᠠᠢᠨ᠎ᠠ ᠬᠦᠦ ᠮᠢᠨᠢ ᠭᠡᠵᠦ ᠡᠬᠡ ᠨᠢ ᠰᠢᠪᠡᠭᠡᠨᠡᠨ ᠬᠠᠷᠢᠭᠤᠯᠪᠠ᠃
   – ᠶᠠᠭᠤ ᠭᠡᠵᠦ ᠮᠥᠷᠭᠥᠵᠦ ᠪᠠᠢᠭ᠎ᠠ ᠶᠤᠮ ᠪᠤᠢ
   – ᠪᠢᠳᠡ ᠭᠤᠷᠪᠠ᠎ᠳᠤ ᠪᠤᠶᠠᠨ ᠵᠠᠶᠠᠭ᠎ᠠ ᠬᠠᠢᠷᠠᠯᠠᠭᠠᠴᠢ ᠭᠡᠵᠦ ᠮᠥᠷᠭᠥᠵᠦ ᠪᠠᠢᠨ᠎ᠠ᠂ ᠡᠵᠢ ᠨᠢ᠃
   – ᠨᠠᠳᠠ ᠮᠥᠰᠥᠨ ᠰᠢᠬᠢᠷ ᠭᠤᠶᠤᠭᠠᠷᠠᠢ ᠡᠵᠢ ᠡ᠃
   – ᠮᠢᠨᠤ ᠬᠦᠦ ᠥᠪᠡᠷ᠎ᠢᠶᠡᠨ ᠮᠥᠷᠭᠦ᠃
   ᠪᠠᠲᠤ ᠰᠦᠬᠦᠷᠡᠨ ᠰᠠᠭᠤᠵᠤ ᠬᠡᠳᠦ ᠲᠠᠬᠢᠨ ᠮᠥᠷᠭᠦᠬᠦ᠎ᠳᠡᠭᠡᠨ ᠠᠮᠠᠨ᠎ᠳᠠᠭᠠᠨ << ᠭᠡᠭᠡᠨ ᠮᠢᠨᠢ ᠨᠠᠳᠠ ᠮᠥᠰᠥᠨ ᠰᠢᠬᠢᠷ ᠬᠠᠢᠷᠠᠯᠠᠭᠠᠴᠢ >> ᠭᠡᠵᠦ ᠲᠤᠷᠴᠢᠬᠢᠨᠠᠭᠤᠯᠤᠯ᠎ᠠ᠃
   ᠥᠩᠭᠡᠷᠡᠭᠰᠡᠨ ᠵᠢᠯ ᠳᠤᠨᠤᠢ ᠲᠠᠢᠵᠢ᠎ᠶᠢᠨ ᠬᠤᠷᠳᠤᠨ ᠬᠡᠭᠡᠷ᠎ᠢ ᠨᠠᠭᠠᠳᠤᠮ᠎ᠳᠤ ᠤᠨᠤᠵᠤ ᠲᠦᠷᠦᠭᠦᠯᠡᠭᠡᠳ ᠢᠷᠡᠬᠦ ᠳ᠋ᠤᠨᠢ ᠲᠠᠢᠵᠢ᠎ᠶᠢᠨ ᠠᠪᠠᠭᠠᠢ ᠵᠢᠵᠢᠭᠬᠡᠨ ᠮᠥᠰᠥᠨ ᠰᠢᠬᠢᠷ ᠥᠭᠴᠡᠢ᠃ ᠲᠡᠭᠦᠨ᠎ᠡᠴᠡ ᠬᠤᠢᠰᠢ ᠶᠢᠷᠳᠢᠨᠴᠤ᠎ᠶᠢᠨ ᠬᠠᠮᠤᠭ᠎ᠤᠨ ᠰᠠᠢᠬᠠᠨ ᠶᠠᠭᠤᠮ᠎ᠠ ᠪᠤᠯ ᠮᠥᠰᠥᠨ ᠰᠢᠬᠢᠷ ᠭᠡᠵᠦ ᠪᠠᠲᠤ ᠪᠣᠳᠣᠳᠠᠭ ᠪᠣᠯᠣᠭᠰᠠᠨ ᠠᠵᠠᠢ᠃
   ᠢᠩᠬᠢᠵᠤ ᠡᠬᠡ ᠬᠦᠦ ᠬᠤᠶᠠᠷ ᠲᠠᠯ᠎ᠠ᠎ᠶᠢᠨ ᠳᠤᠮᠳᠠ ᠪᠠᠢᠭᠠᠯᠢ᠎ᠶᠢᠨ ᠭᠠᠢᠬᠠᠮᠰᠢᠭ᠍ᠲᠤ ᠬᠦᠴᠦ᠎ᠪᠡᠷ ᠰᠦᠨᠳᠡᠷᠯᠡᠨ ᠪᠤᠰᠤᠭᠰᠠᠨ ᠲᠠᠢᠬᠠᠷ ᠴᠢᠯᠠᠭᠤ᠎ᠶᠢ ᠪᠢᠰᠢᠷᠡᠨ ᠥᠩᠭᠡᠷᠡᠭᠰᠡᠨ ᠶᠤᠮ᠃
   – ᠠᠪᠤ ᠡ᠂ ᠲᠠ ᠲᠡᠷᠡ ᠴᠢᠯᠠᠭᠤ᠎ᠶᠢ ᠣᠷᠬᠢᠮᠵᠢ᠎ᠪᠠᠷ᠎ᠢᠶᠠᠨ ᠣᠭᠣᠰᠣᠷᠯᠠᠵᠤ ᠡᠭᠦᠷᠦᠭᠡᠳ ᠶᠠᠪᠤᠵᠤ ᠴᠢᠳᠠᠨ᠎ᠠ ᠦᠦ ᠭᠡᠵᠦ ᠪᠠᠲᠤ ᠠᠰᠠᠭᠤᠬᠤ᠎ᠳᠤ ᠡᠴᠢᠭᠡ ᠨᠢ ᠥᠬᠥᠭᠡᠷᠳᠡᠨ ᠢᠨᠢᠶᠡᠮᠰᠦᠭᠯᠡᠭᠰᠡᠨ᠎ᠢᠶᠡᠨ ᠲᠣᠯᠣᠭᠠᠢ᠎ᠶᠢ ᠨᠢ ᠢᠯᠢᠵᠦ᠄
   – ᠠᠪᠤ ᠨᠢ ᠲᠥᠷᠥ᠍᠎ᠶᠢᠨ ᠬᠠᠷ᠎ᠠ ᠬᠥᠮᠥᠨ ᠪᠣᠯᠬᠣᠷ ᠣᠷᠬᠢᠮᠵᠢ ᠪᠠᠢᠬᠤ ᠦᠭᠡᠢ᠃ ᠪᠠᠰᠠ ᠳᠡᠭᠡᠭᠡᠳ ᠵᠠᠶ᠎ᠠ ᠪᠠᠨᠳᠢᠳᠠ ᠰᠢᠭ᠋ ᠲᠡᠢᠮᠦ ᠷᠢᠳᠢ ᠰᠢᠳᠢ ᠴᠤ᠌ ᠪᠠᠢᠬᠤ ᠦᠭᠡᠢ ᠭᠡᠯ᠎ᠡ᠃
   ᠪᠠᠲᠤ ᠪᠣᠳᠣᠯᠬᠢᠯᠠᠨ ᠪᠠᠬᠠᠨ ᠰᠠᠭᠤᠭᠰᠠᠨ᠎ᠢᠶᠠᠨ << ᠠᠪᠤ ᠡ᠂ ᠷᠢᠳᠢ ᠰᠢᠳᠢ ᠭᠡᠵᠦ ᠶᠠᠭᠤ ᠪᠠᠢᠳᠠᠭ ᠶᠤᠮ ᠪᠤᠢ >> ᠭᠡᠵᠦ ᠠᠰᠠᠭᠤᠭᠠᠳ ᠡᠴᠢᠭᠡ᠎ᠶᠢᠨ᠎ᠢᠶᠡᠨ ᠨᠢᠭᠤᠷ ᠤᠷᠤᠭᠤ ᠨᠢᠳᠦ᠎ᠪᠡᠨ ᠴᠠᠪᠴᠢᠯᠠᠨ ᠬᠠᠷᠠᠯ᠎ᠠ᠃
   – ᠷᠢᠳᠢ ᠰᠢᠳᠢ ᠭᠡᠵᠦ ᠦᠦ᠂ ᠦᠯᠡᠮᠵᠢ ᠴᠢᠳᠠᠯ ᠲᠠᠢ ᠶᠠᠭᠤᠮ᠎ᠠ ᠪᠠᠢᠳᠠᠭ᠃ ᠷᠢᠳᠢ ᠰᠢᠳᠢ ᠲᠠᠢ ᠬᠥᠮᠥᠨ ᠪᠣᠯ – ᠭᠡᠳ ᠨᠢᠳᠦ᠎ᠪᠡᠨ ᠠᠨᠢᠭ᠍ᠰᠠᠨ᠎ᠢᠶᠠᠨ – ᠢᠩᠬᠢᠬᠦ ᠵᠠᠭᠤᠷ᠎ᠠ ᠯᠡ ᠪᠢᠳᠡ ᠭᠤᠷᠪᠠ᠎ᠶᠢ ᠪᠣᠭᠳᠠ᠎ᠶᠢᠨ ᠬᠦᠷᠢᠶ᠎ᠡ ᠬᠦᠷᠭᠡᠵᠦ ᠣᠷᠬᠢᠨ᠎ᠠ ᠭᠡᠵᠦ ᠡᠷᠳᠡᠨᠢ ᠬᠡᠯᠡᠪᠡ᠃
   – ᠲᠠ ᠷᠢᠳᠢ ᠰᠢᠳᠢ ᠲᠠᠢ ᠪᠣᠯᠬᠤ ᠦᠭᠡᠢ ᠶᠠᠭᠠᠬᠢᠭ᠍ᠰᠠᠨ ᠶᠤᠮ ᠪᠤᠢ᠂ ᠷᠢᠳᠢ ᠰᠢᠳᠢ ᠲᠠᠢ ᠰᠠᠨ ᠪᠤᠯ ᠶᠠᠳᠠᠷᠠᠬᠤ ᠦᠭᠡᠢ᠂ ᠨᠢᠳᠦ᠎ᠪᠡᠨ ᠢᠩᠬᠢᠭᠡᠳ ᠯᠡ ᠭᠡᠳ ᠪᠠᠲᠤ ᠨᠢᠳᠦ᠎ᠪᠡᠨ ᠲᠠᠰᠤ ᠠᠨᠢᠵᠤ ᠦᠨᠡᠬᠡᠷ ᠨᠢᠰᠴᠦ ᠶᠠᠪᠤᠭ᠎ᠠ ᠶᠤᠮ ᠰᠢᠭ᠋ ᠭᠠᠷ᠎ᠢᠶᠠᠨ ᠰᠠᠷᠪᠠᠯᠵᠠᠭᠤᠯᠤᠨ ᠬᠡᠰᠡᠭ ᠪᠠᠢᠭ᠍ᠰᠠᠨ᠎ᠢᠶᠠᠨ << ᠬᠥᠯ ᠶᠠᠳᠠᠷᠠᠬᠤ ᠦᠭᠡᠢ ᠬᠦᠷᠢᠶ᠎ᠡ ᠣᠷᠤᠴᠢᠬᠠᠨ᠎ᠠ ᠰᠢᠦ ᠳᠠ᠂ ᠲᠡᠢᠮᠦ ᠡ᠂ ᠡᠵᠢ ᠡ >> ᠭᠡᠳ ᠭᠣᠮᠣᠳᠠᠯ ᠲᠠᠢ ᠢᠨᠢᠶᠡᠮᠰᠦᠭᠯᠡᠪᠡ᠃
   – ᠠᠪᠤ ᠳ᠋ᠤᠨᠢ ᠵᠠᠪ ᠪᠣᠯᠣᠭ᠎ᠠ ᠦᠭᠡᠢ ᠶᠤᠮ ᠭᠡᠳ ᠡᠷᠳᠡᠨᠢ ᠬᠦᠦ᠎ᠶᠢᠨ᠎ᠢᠶᠡᠨ ᠨᠠᠷᠠ᠂ ᠲᠣᠭᠣᠰᠣ᠌ ᠦᠨᠦᠷᠲᠡᠭᠰᠡ ᠲᠣᠯᠣᠭᠠᠢ᠎ᠶᠢ ᠦᠨᠦᠰᠪᠡ᠃
   ᠪᠠᠲᠤ᠂ ᠪᠠᠢᠨ ᠪᠠᠢᠨ << ᠶᠠᠭᠠᠬᠢᠭᠠᠳ >> ᠭᠡᠵᠦ ᠠᠰᠠᠭᠤᠭᠠᠳ ᠡᠴᠢᠭᠡ ᠡᠬᠡ ᠨᠢ ᠬᠦᠦ᠎ᠶᠢᠨ᠎ᠢᠶᠡᠨ ᠭᠡᠨᠡᠨ ᠴᠠᠭᠠᠨ ᠶᠠᠷᠢᠶᠠᠨ᠎ᠳᠤ ᠪᠠᠶᠠᠰᠤᠨ ᠢᠨᠢᠶᠡᠵᠤ᠂ ᠤᠲᠤᠭ᠎ᠠ ᠪᠣᠯᠣᠭᠰᠠᠨ ᠤᠷᠠᠩᠬᠠᠢ ᠮᠠᠢᠬᠠᠨ᠎ᠤ ᠳᠡᠷᠭᠡᠲᠡ᠎ᠡᠴᠡ ᠪᠠᠶᠠᠷ ᠴᠡᠩᠭᠡᠯ᠎ᠦᠨ ᠬᠥᠭᠵᠢᠯ ᠲᠠᠢ ᠳᠠᠭᠤᠨ ᠴᠤᠤᠷᠢᠶᠠᠲᠤᠨ᠂ ᠱᠤᠤᠭᠢᠨ ᠤᠷᠤᠰᠴᠤ ᠪᠠᠢᠭ᠎ᠠ ᠲᠠᠮᠢᠷ᠎ᠤᠨ ᠭᠣᠣᠯ᠎ᠤᠨ ᠴᠢᠮᠡᠭᠡᠨ᠎ᠳᠦ ᠥᠴᠦᠬᠡᠨ ᠴᠤ᠌ ᠭᠡᠰᠡᠨ ᠬᠠᠨᠳᠢᠪ ᠪᠣᠯᠵᠤ ᠪᠠᠢᠪᠠ᠃ ᠬᠥᠮᠥᠨ᠂ ᠵᠢᠷᠭᠠᠯ᠎ᠤᠨ ᠲᠥᠯᠥᠭᠡ ᠲᠥᠷᠥᠳᠡᠭ ᠪᠣᠯᠬᠣᠷ ᠶᠠᠮᠠᠷ ᠴᠤ᠌ ᠬᠡᠴᠡᠭᠦᠦ ᠪᠡᠷᠬᠡ ᠠᠮᠢᠳᠤᠷᠠᠯ᠂ ᠭᠠᠰᠢᠭᠤᠨ ᠵᠤᠪᠠᠯᠠᠩ᠂ ᠪᠠᠶᠠᠰᠬᠤ ᠰᠡᠳᠬᠢᠯ᠂ ᠵᠢᠷᠭᠠᠯ᠎ᠤᠨ ᠡᠷᠠᠮᠡᠯᠵᠡᠯᠡᠯ᠎ᠢ ᠨᠢ ᠰᠢᠷᠭᠢᠭᠡᠨ ᠬᠠᠲᠠᠭᠠᠵᠤ ᠴᠢᠳᠠᠬᠤ ᠦᠭᠡᠢ᠃ ᠡᠨᠡ ᠴᠤ᠌ ᠤᠴᠢᠷ᠎ᠡᠴᠡ ᠬᠠᠲᠠᠭᠤ ᠠᠮᠢᠳᠤᠷᠠᠯ᠂ ᠨᠦᠰᠡᠷ ᠵᠠᠮ ᠡᠨᠡ ᠭᠤᠷᠪᠠ᠎ᠶᠢᠨ ᠪᠠᠶᠠᠰᠤᠨ ᠴᠡᠩᠭᠡᠬᠦ ᠰᠡᠳᠬᠢᠯ᠂ ᠬᠣᠮᠰᠠ ᠬᠦᠨᠡᠰᠦ᠎ᠪᠡᠨ ᠢᠳᠡᠭᠡᠳ ᠵᠠᠯᠠᠭᠤ᠎ᠶᠢᠨ ᠴᠤᠭ᠂ ᠬᠠᠢᠷ᠎ᠠ᠎ᠶᠢᠨ ᠭᠠᠯ᠎ᠢᠶᠠᠷ ᠶᠠᠳᠠᠷᠠᠯ᠎ᠢᠶᠠᠨ ᠮᠠᠷᠲᠠᠵᠤ ᠠᠮᠠᠷᠠᠵᠤ ᠪᠠᠢᠬᠤ ᠳ᠋ᠤᠨᠢ ᠣᠷᠬᠢᠯᠤᠨ ᠭᠠᠷᠬᠤ ᠪᠢᠴᠢᠬᠠᠨ ᠵᠢᠷᠭᠠᠯ᠎ᠢ ᠰᠢᠮᠡᠨ ᠰᠢᠩᠭᠡᠭᠡᠵᠦ ᠴᠢᠳᠠᠭᠰᠠᠨ ᠦᠭᠡᠢ᠃ ᠢᠷᠡᠬᠦ ᠡᠳᠦᠷ ᠶᠠᠮᠠᠷ ᠵᠤᠪᠠᠯᠠᠩ ᠠᠪᠴᠢᠷᠠᠵᠤ ᠥᠭᠬᠦ᠎ᠶᠢ ᠮᠡᠳᠡᠬᠦ ᠦᠭᠡᠢ ᠳᠦᠩᠭᠡᠷ ᠳᠥᠩᠭᠡᠷ ᠶᠠᠷᠢᠯᠴᠠᠨ ᠬᠦᠭᠵᠢᠵᠦ ᠪᠠᠢᠳᠠᠯ᠎ᠠ ᠦᠳᠡᠰᠢ᠎ᠶᠢᠨ ᠪᠦᠷᠦᠩᠬᠦᠢ ᠳᠠᠭᠤᠰᠴᠦ ᠦᠨᠡᠭᠡᠨ ᠬᠠᠷᠠᠩᠭᠤᠢ ᠡᠬᠢᠯᠡᠭᠡᠳ ᠲᠡᠭᠷᠢ᠎ᠳᠦ ᠲᠦᠭ ᠲᠦᠮᠡᠨ ᠣᠳᠣ᠌ ᠭᠢᠯᠠᠯᠵᠠᠨ᠂ ᠲᠠᠮᠢᠷ᠎ᠤᠨ ᠬᠥᠨᠳᠡᠢ ᠳᠠᠭᠠᠵᠤ ᠢᠷᠠᠭᠤᠬᠠᠨ ᠦᠨᠦᠷ ᠠᠩᠬᠢᠯᠤᠭᠰᠠᠨ ᠰᠡᠷᠢᠭᠦᠨ ᠰᠠᠯᠬᠢ ᠰᠡᠪᠡᠯᠵᠡᠨ᠎ᠡ᠃
   ᠡᠷᠳᠡᠨᠢ ᠮᠣᠷᠢ᠎ᠪᠠᠨ ᠠᠪᠴᠢᠷᠠᠵᠤ᠂ ᠤᠷᠲᠤ ᠳᠡᠭᠡᠰᠦ᠎ᠪᠡᠷ ᠠᠷᠭᠠᠮᠵᠢᠭᠠᠳ᠂ ᠨᠤᠲᠤᠭ᠎ᠤᠨ ᠵᠦᠭ ᠬᠠᠷᠠᠵᠤ ᠵᠣᠭᠰᠤᠭᠰᠠᠨ᠎ᠢᠶᠠᠨ᠄ << ᠲᠠᠢᠰᠢᠷᠢ ᠬᠠᠨ ᠮᠢᠨᠢ᠂ ᠲᠠᠷᠯᠠᠨ ᠬᠠᠢᠷᠬᠠᠨ ᠮᠢᠨᠢ᠂ ᠠᠲᠠᠭ᠎ᠠ ᠲᠠᠪᠤᠨ ᠲᠡᠭᠷᠢ ᠮᠢᠨᠢ᠂ ᠠᠴᠢᠲᠤ ᠭᠤᠮᠪᠤ ᠮᠢᠨᠢ >> ᠭᠡᠵᠦ ᠠᠯᠠᠭ᠎ᠠ᠎ᠪᠠᠨ ᠡᠯᠢᠭᠡᠨ᠎ᠳᠡᠭᠡᠨ ᠬᠠᠪᠰᠤᠷᠤᠨ ᠰᠢᠪᠡᠭᠡᠨᠡᠨ ᠵᠠᠯᠪᠠᠷᠢᠭᠠᠳ ᠮᠠᠢᠬᠠᠨ᠎ᠳᠠᠭᠠᠨ ᠣᠷᠣᠵᠤ ᠤᠳᠠᠯ ᠦᠭᠡᠢ ᠭᠤᠷᠪᠡᠨ ᠴᠠᠭᠠᠴᠢᠨ ᠭᠦᠨ ᠨᠣᠢᠷ᠎ᠲᠠᠭᠠᠨ ᠴᠤᠬᠢᠭ᠍ᠳᠠᠨ ᠤᠨᠳᠠᠵᠠᠢ᠃
   ᠦᠦᠷ ᠰᠦᠨᠢ᠎ᠶᠢᠨ ᠵᠠᠪᠰᠠᠷ᠎ᠢᠶᠠᠷ ᠡᠷᠳᠡᠨᠢ ᠪᠣᠰᠴᠣ᠌᠂ ᠳᠡᠪᠡᠯ᠎ᠢᠶᠡᠨ ᠨᠥᠮᠦᠷᠴᠦ ᠭᠠᠷᠤᠭᠠᠳ ᠬᠠᠷᠠᠪᠠᠯ ᠠᠷᠭᠠᠮᠵᠢᠶ᠎ᠠ ᠲᠠᠢ ᠮᠣᠷᠢ ᠨᠢ ᠠᠯᠠᠭ᠎ᠠ ᠪᠣᠯᠣᠭᠰᠠᠨ ᠪᠠᠢᠬᠤ᠎ᠳᠤ ᠭᠦᠶᠦᠨ ᠣᠴᠢᠪᠠᠯ ᠴᠢᠳᠦᠷ ᠨᠢ ᠠᠷᠭᠠᠮᠵᠢᠶ᠎ᠠ ᠲᠠᠢ᠎ᠪᠠᠨ ᠪᠠᠢᠪᠠ᠃ ᠡᠷᠳᠡᠨᠢ ᠴᠢᠨᠠᠭ᠍ᠰᠢ ᠬᠠᠷᠠᠬᠤ ᠭᠡᠲᠡᠯ᠎ᠡ ᠡᠮᠦᠨᠡᠬᠢ ᠬᠠᠷ᠎ᠠ ᠠᠭᠤᠯᠠ ᠲᠣᠮᠤᠷᠠᠭᠰᠠᠭᠠᠷ ᠣᠢᠷᠠᠲᠤᠭᠠᠳ ᠢᠷᠡᠬᠦ ᠰᠢᠭ᠌ ᠪᠤᠯᠬᠣ᠌᠎ᠳᠤ ᠭᠡᠳᠡᠷᠭᠦ᠎ᠪᠡᠨ ᠬᠣᠶᠠᠷ ᠠᠯᠬᠤᠪᠠ᠃
   ᠬᠡᠰᠡᠭ ᠭᠦᠯᠢᠷᠠᠨ ᠵᠣᠭᠰᠣᠭᠰᠠᠨ᠎ᠢᠶᠠᠨ ᠬᠥᠨᠳᠥ᠍ ᠰᠢᠷᠬᠠᠳᠦᠭ᠍ᠰᠠᠨ ᠬᠥᠮᠥᠨ ᠡᠴᠦᠰ᠎ᠦᠨ ᠬᠦᠴᠦ᠎ᠪᠡᠨ ᠰᠢᠪᠬᠠᠨ ᠠᠯᠬᠤᠵᠦ ᠪᠠᠢᠭ᠎ᠠ ᠶᠤᠮ ᠰᠢᠭ᠋ ᠬᠡᠳᠦ ᠠᠯᠬᠤᠵᠤ ᠬᠠᠷ᠎ᠠ ᠴᠢᠬᠢᠭ᠌᠎ᠲᠦ ᠨᠡᠪᠲᠡ ᠨᠤᠷᠤᠭᠰᠠᠨ ᠭᠣᠷᠮᠣᠰᠣᠨ ᠴᠢᠳᠦᠷ᠎ᠢ ᠠᠳᠬᠤᠵᠤ᠂ ᠳᠡᠷᠲᠡᠭᠡ ᠪᠠᠷᠠᠭᠤᠨ᠎ᠠ ᠪᠠᠷᠠᠭᠠᠳᠠᠨ ᠬᠠᠷᠠᠭᠳᠠᠬᠤ ᠠᠭᠤᠯᠠᠰ᠎ᠤᠨ ᠳᠡᠭᠡᠭᠦᠷ ᠰᠢᠷᠲᠡᠨ << ᠲᠠᠢᠰᠢᠷᠢ ᠬᠠᠨ ᠮᠢᠨᠢ᠂ ᠠᠲᠠᠭ᠎ᠠ ᠲᠠᠪᠤᠨ ᠲᠡᠭᠷᠢ ᠮᠢᠨᠢ᠂ ᠭᠣᠮᠪᠣ ᠮᠢᠨᠢ ᠬᠠᠷᠠᠬᠤ ᠦᠭᠡᠢ ᠶᠠᠭᠠᠬᠢᠭ᠎ᠠ ᠪᠤᠢ ᠳᠠ >> ᠭᠡᠵᠦ ᠰᠢᠪᠡᠨᠡᠪᠡ᠃
   ᠡᠷᠳᠡᠨᠢ᠎ᠶᠢ ᠪᠣᠰᠣᠭᠠᠳ ᠭᠠᠷᠬᠤ᠎ᠳᠤ ᠰᠡᠷᠢᠭᠰᠡᠨ ᠳᠣᠯᠭᠠᠷ ᠣᠷᠣᠵᠤ ᠢᠷᠡᠬᠦ᠎ᠳ᠋ᠤᠨᠢ ᠥᠨᠳᠡᠢᠵᠦ᠄
   – ᠲᠡᠭᠷᠢ ᠰᠠᠢᠬᠠᠨ ᠪᠠᠢᠨ᠎ᠠ ᠦᠦ ᠭᠡᠵᠦ ᠠᠰᠠᠭᠤᠪᠠ᠃
   ᠡᠷᠳᠡᠨᠢ ᠮᠠᠢᠬᠠᠨ᠎ᠤ ᠡᠭᠦᠳᠡᠨ᠎ᠳᠦ ᠳᠠᠭᠤ ᠦᠭᠡᠢ ᠵᠤᠭᠰᠤᠵᠤ ᠪᠠᠢᠭ᠍ᠰᠠᠨ᠎ᠢᠶᠠᠨ ᠠᠷᠭᠠᠮᠵᠢ ᠴᠢᠳᠦᠷ᠎ᠢᠶᠡᠨ ᠮᠠᠢᠬᠠᠨ᠎ᠤ ᠬᠠᠶᠠᠭ᠎ᠠ ᠤᠷᠤᠭᠤ ᠰᠢᠳᠡᠵᠦ << ᠬᠤᠯᠠᠭᠠᠢ ᠠᠪᠤᠭᠠᠳ ᠶᠠᠪᠤᠴᠢᠬᠠᠵᠠᠢ >> ᠭᠡᠵᠦ ᠬᠡᠯᠡᠪᠡ᠃
   – ᠶᠠᠭᠤ᠂ ᠮᠣᠷᠢ᠎ᠶᠢ ᠮᠢᠨᠢ ᠦᠦ ᠭᠡᠵᠦ ᠬᠠᠰᠬᠢᠷᠤᠭᠠᠳ ᠳᠣᠯᠭᠠᠷ ᠪᠣᠰᠣᠨ ᠬᠠᠷᠠᠢᠪᠠ᠃
   – ᠲᠡᠢᠮᠦ ᠭᠡᠳ ᠡᠷᠳᠡᠨᠢ ᠳᠡᠪᠢᠰᠴᠦ ᠤᠨᠳᠠᠭᠰᠠᠨ ᠥᠩᠭᠡ ᠦᠭᠡᠢ ᠰᠢᠷᠢᠳᠡᠭ ᠳᠡᠭᠡᠷ᠎ᠡ᠎ᠪᠡᠨ ᠰᠠᠭᠤᠪᠠ᠃
   – ᠣᠳᠣ᠌ ᠶᠠᠭᠠᠬᠢᠳᠠᠭ ᠪᠢᠯᠡ᠃ ᠬᠥᠮᠥᠨ᠎ᠦ ᠭᠠᠵᠠᠷ᠂ ᠭᠦᠩ᠎ᠦᠨ ᠨᠤᠲᠤᠭ᠎ᠲᠤ ᠭᠠᠬᠠᠢ ᠶᠠᠪᠠᠭᠠᠨ ᠬᠠᠮᠢᠭ᠎ᠠ ᠣᠴᠢᠬᠣ᠌ ᠪᠢᠯᠡ ᠭᠡᠵᠦ ᠳᠣᠯᠭᠠᠷ ᠤᠬᠢᠯᠠᠬᠤ᠎ᠳᠤ ᠨᠢᠯᠪᠣᠰᠣ᠌ ᠬᠠᠴᠠᠷ᠎ᠢ᠎ᠲᠠᠭᠠᠨ ᠤᠷᠤᠰᠪᠠ᠃
   ᠡᠨᠡ ᠮᠠᠢᠬᠠᠨ᠎ᠳᠤ ᠣᠷᠣᠭᠰᠠᠨ ᠵᠤᠪᠠᠯᠠᠩ ᠨᠠᠳᠠ ᠫᠠᠳ ᠦᠭᠡᠢ ᠭᠡᠰᠡᠨ ᠶᠤᠮ ᠰᠢᠭ᠌ ᠲᠠᠮᠢᠷ᠎ᠤᠨ ᠭᠣᠣᠯ ᠵᠢᠭᠳᠡᠭᠡᠨ ᠱᠤᠤᠭᠢᠨ ᠤᠷᠤᠰᠴᠤ᠂ ᠳᠣᠷᠣᠨ᠎ᠠ ᠵᠦᠭ᠎ᠡᠴᠡ ᠤᠯᠠᠮ ᠲᠣᠳᠣᠷᠠᠵᠤ ᠪᠠᠢᠭ᠎ᠠ ᠦᠷ᠎ᠦᠨ ᠭᠡᠭᠡ ᠨᠤᠢᠷᠰᠤᠭᠰᠠᠨ ᠶᠢᠷᠳᠢᠨᠴᠤ᠎ᠳᠤ ᠰᠢᠨ᠎ᠡ ᠡᠳᠦᠷ ᠮᠡᠨᠳᠦᠯᠡᠭᠰᠡᠨ᠎ᠢ ᠪᠠᠶᠠᠷᠲᠠᠢ ᠲᠤᠩᠬᠠᠭᠯᠠᠵᠤ ᠪᠠᠢᠪᠠ᠃
   – ᠤᠬᠢᠯᠠᠭᠠᠳ ᠶᠠᠭᠤ ᠬᠢᠬᠦ ᠪᠤᠢ᠃ ᠬᠡᠷᠡᠭ ᠦᠭᠡᠢ ᠂᠂᠂᠂ ᠵᠠ ᠳᠠ ᠭᠡᠳ ᠳᠣᠯᠭᠠᠷ ᠤᠷᠤᠭᠤ ᠬᠠᠷᠠᠵᠤ ᠢᠨᠢᠶᠡᠮᠰᠦᠭᠯᠡᠬᠦ ᠭᠡᠳ ᠴᠢᠳᠠᠭᠰᠠᠨ ᠦᠭᠡᠢ᠃ ᠠᠮᠠ ᠨᠢ ᠮᠥᠷᠥᠯᠵᠠᠨ ᠥᠳᠬᠡᠨ ᠬᠠᠷ᠎ᠠ ᠭᠥᠮᠥᠰᠬᠡ ᠨᠢ ᠲᠠᠲᠠᠯᠳᠤᠭᠰᠠᠨ᠎ᠢᠶᠠᠨ ᠮᠣᠳᠣ᠌ ᠲᠣᠯᠣᠭᠠᠢ᠎ᠪᠠᠨ ᠠᠪᠴᠤ ᠲᠠᠮᠠᠬᠢ ᠨᠡᠷᠡᠭᠡᠳ ᠬᠡᠳᠦ ᠲᠠᠬᠢᠨ ᠤᠭᠰᠠᠷᠠᠵᠤ ᠲᠠᠲᠠᠯ᠎ᠠ᠃
   << ᠣᠳᠣ᠌ ᠶᠠᠭᠠᠬᠢᠬᠤ ᠪᠤᠢ >> ᠭᠡᠳᠡᠭ ᠮᠤᠬᠤᠷ ᠰᠤᠬᠤᠷ ᠠᠰᠠᠭᠤᠳᠠᠯ ᠡᠷᠳᠡᠨᠢ᠎ᠶᠢᠨ ᠰᠡᠳᠬᠢᠯ᠎ᠳᠦ ᠣᠷᠤᠵᠤ ᠬᠣᠭᠣᠯᠠᠢ ᠳ᠋ᠤᠨᠢ ᠲᠡᠭᠡᠭᠯᠡᠨ᠂ ᠨᠢᠳᠦ ᠨᠢ ᠪᠠᠢᠨ ᠪᠠᠢᠨ ᠬᠠᠲᠠᠩᠭᠤᠢᠯᠠᠵᠤ ᠪᠠᠢᠪᠠ᠃ ᠢᠩᠬᠢᠭᠡᠳ ᠤᠬᠢᠯᠠᠵᠤ ᠪᠠᠢᠭ᠎ᠠ ᠳᠣᠯᠭᠠᠷ ᠤᠷᠤᠭᠤ ᠨᠢᠳᠦᠨ᠎ᠦ ᠪᠥᠯᠥᠩ᠎ᠢᠶᠡᠷ ᠬᠠᠷᠠᠭᠰᠠᠨ᠎ᠢᠶᠠᠨ ᠪᠦᠰᠡ᠎ᠪᠡᠨ ᠪᠥᠰᠡᠯᠡᠭᠡᠳ᠂ ᠲᠠᠬᠢᠨ ᠡᠨᠳᠡ᠎ᠡᠴᠡ ᠪᠣᠰᠬᠣ᠌ ᠦᠭᠡᠢ ᠭᠡᠰᠡᠨ ᠪᠣᠯᠣᠯᠲᠠᠢ ᠲᠠᠪᠠᠲᠠᠢ ᠵᠠᠪᠢᠯᠠᠵᠤ ᠰᠠᠭᠤᠪᠠ᠃
   – ᠵᠠ ᠬᠥ ᠶᠠᠪᠠᠭᠠᠷᠠᠭᠰᠠᠨ ᠪᠣᠯᠬᠤ᠎ᠡᠴᠡ ᠦᠬᠦᠭᠰᠡᠨ ᠪᠢᠰᠢ᠃ ᠴᠠᠢ ᠴᠢᠨᠠᠵᠤ ᠤᠤᠭᠤᠶ᠎ᠠ᠃ ᠠᠮᠢᠳᠤ ᠬᠥᠮᠥᠨ ᠠᠷᠭ᠎ᠠ ᠲᠠᠢ᠂ ᠠᠷᠭᠠᠯ᠎ᠤᠨ ᠭᠠᠯ ᠴᠤᠭ ᠲᠠᠢ ᠳᠠ ᠭᠡᠵᠦ ᠵᠠᠭᠤᠭᠰᠠᠨ ᠰᠢᠳᠦᠨ᠎ᠦ᠎ᠪᠡᠨ ᠵᠠᠪᠰᠠᠷ᠎ᠢᠶᠠᠷ ᠰᠢᠪᠡᠭᠡᠨᠡᠨ ᠬᠡᠯᠡᠪᠡ᠃
   ᠡᠷᠳᠡᠨᠢ᠎ᠶᠢᠨ ᠰᠢᠨᠠ ᠵᠠᠩᠭᠢᠷᠠᠨ ᠲᠠᠯᠪᠢᠵᠤ᠂ ᠨᠢᠳᠦ ᠨᠢ ᠡᠮᠦᠨᠡᠬᠢ ᠭᠠᠵᠠᠷ᠎ᠡᠴᠡ ᠰᠠᠯᠤᠯ ᠦᠭᠡᠢ ᠰᠢᠷᠲᠡᠨ᠂ ᠦᠶ᠎ᠡ ᠦᠶ᠎ᠡ ᠬᠠᠮᠠᠷ ᠠᠮᠠ᠎ᠪᠠᠷ ᠨᠢ ᠴᠡᠩᠬᠡᠷ ᠤᠳᠤᠭ᠎ᠠ ᠪᠣᠷᠭᠢᠯᠠᠨ ᠪᠠᠢᠬᠤ᠎ᠶᠢ ᠳᠣᠯᠭᠠᠷ ᠬᠡᠳᠦ ᠳᠠᠬᠢᠨ ᠶᠠᠭᠤᠮ᠎ᠠ ᠬᠡᠯᠡᠬᠦ ᠭᠡᠰᠡᠨ᠎ᠢᠶᠡᠨ ᠪᠣᠯᠢᠵᠤ ᠭᠠᠳᠠᠭ᠍ᠰᠢ ᠭᠠᠷᠤᠯ᠎ᠠ᠃
   ᠳᠣᠷᠣᠨᠠᠲᠤ ᠠᠭᠤᠯᠠ᠎ᠶᠢᠨ ᠤᠷᠤᠢ᠎ᠡᠴᠡ ᠰᠠᠴᠤᠷᠠᠵᠤ ᠪᠠᠢᠭ᠎ᠠ ᠨᠠᠷᠠᠨ᠎ᠤ ᠭᠡᠷᠡᠯ᠎ᠳᠦ ᠢᠪᠡᠭᠡᠭᠳᠡᠭᠰᠡᠨ ᠲᠠᠮᠢᠷ᠎ᠤᠨ ᠬᠥᠨᠳᠡᠢ᠎ᠶᠢᠨ ᠪᠥᠭᠡᠮ ᠪᠥᠭᠡᠮ ᠭᠢᠯᠠᠯᠵᠠᠭᠰᠠᠨ ᠬᠠᠷ᠎ᠠ ᠲᠣᠯᠪᠣ ᠨᠠᠮᠤᠷ᠎ᠤᠨ ᠬᠠᠮᠬᠤᠤᠯ ᠰᠢᠭ᠋ ᠥᠩᠭᠦᠷᠢᠨ ᠲᠤᠭᠯᠠᠵᠤ ᠪᠠᠢᠪᠠ᠃
   ᠭᠠᠯ ᠲᠦᠯᠡᠵᠦ ᠪᠠᠢᠬᠤ᠎ᠳᠠᠭᠠᠨ ᠳᠣᠯᠭᠠᠷ << ᠭᠣᠮᠪᠣ ᠮᠢᠨᠢ᠂ ᠲᠠᠢᠰᠢᠷᠢ ᠮᠢᠨᠢ >> ᠭᠡᠵᠤ ᠲᠠᠬᠢᠨ ᠲᠠᠬᠢᠨ ᠰᠢᠪᠡᠭᠡᠨᠡᠪᠡᠴᠦ᠂ << ᠭᠣᠮᠪᠣ ᠲᠠᠢᠰᠢᠷᠢ >> ᠬᠤᠶᠠᠷ᠎ᠡᠴᠡ ᠴᠣᠬᠣᠮ ᠶᠠᠭᠤ᠎ᠶᠢ ᠭᠤᠶᠤᠵᠤ ᠪᠠᠢᠭ᠎ᠠ᠎ᠪᠠᠨ ᠥᠪᠡᠷ᠎ᠢᠶᠡᠨ ᠮᠡᠳᠡᠬᠦ ᠦᠭᠡᠢ ᠪᠠᠢᠵᠠᠢ᠃

返回顶部