返回

ᠮᠢᠨᠤ ᠨᠤᠲᠤᠭ
– ᠳ᠂ ᠨᠠᠴᠤᠭᠳᠣᠷᠵᠢ

ᠬᠡᠨᠲᠠᠢ᠂ ᠬᠠᠩᠭᠠᠢ᠂ ᠰᠠᠶᠠᠨ᠎ᠤ ᠥᠨᠳᠦᠷ ᠰᠠᠢᠬᠠᠨ ᠨᠢᠷᠤᠭᠤ᠎ᠨᠤᠭᠤᠳ
ᠬᠣᠢᠲᠤ ᠵᠦᠭ᠎ᠦᠨ ᠴᠢᠮᠡᠭ ᠪᠣᠯᠤᠭᠰᠠᠨ ᠤ᠌ᠢ ᠬᠥᠪᠴᠢᠨ ᠠᠭᠤᠯᠠ᠎ᠨᠤᠭᠤᠳ
ᠮᠠᠨᠠᠨ᠂ ᠰᠢᠷᠭ᠎ᠠ᠂ ᠨᠣᠮᠢᠨ᠎ᠤ ᠥᠷᠭᠡᠨ ᠶᠡᠬᠡ ᠭᠣᠪᠢ᠎ᠨᠤᠭᠤᠳ
ᠡᠮᠦᠨ᠎ᠡ ᠵᠦᠭ᠎ᠦᠨ ᠮᠠᠩᠯᠠᠢ ᠪᠣᠯᠤᠭᠰᠠᠨ ᠡᠯᠡᠰᠦᠨ ᠮᠠᠩᠬᠠᠨ ᠳᠠᠯᠠᠢ᠎ᠨᠤᠭᠤᠳ
ᠡᠨᠡ ᠪᠣᠯ ᠮᠢᠨᠤ ᠲᠥᠷᠦᠭᠰᠡᠨ ᠨᠤᠲᠤᠭ᠂ ᠮᠣᠩᠭᠣᠯ᠎ᠤᠨ ᠰᠠᠢᠬᠠᠨ ᠣᠷᠤᠨ

ᠭᠡᠷᠦᠯᠦᠨ᠂ ᠣᠨᠣᠨ᠂ ᠲᠤᠤᠯᠠ᠎ᠶᠢᠨ ᠲᠤᠩᠭᠠᠯᠠᠭ ᠠᠷᠢᠭᠤᠨ ᠮᠥᠷᠡᠨ᠎ᠨᠦᠭᠦᠳ
ᠬᠣᠲᠠᠯᠠ ᠤᠯᠠᠨ᠎ᠤ ᠡᠮ ᠪᠣᠯᠤᠭᠰᠠᠨ ᠭᠣᠷᠤᠬ᠎ᠠ ᠪᠣᠯᠠᠭ ᠷᠠᠰᠢᠶᠠᠨ᠎ᠨᠤᠭᠤᠳ
ᠬᠥᠪᠰᠦᠭᠦᠯ᠂ ᠣᠪᠰᠣ᠌᠂ ᠪᠦᠢᠷ᠎ᠦᠨ ᠭᠦᠨ ᠴᠡᠩᠭᠡᠷ ᠨᠠᠭᠤᠷ᠎ᠤᠳ
ᠬᠦᠮᠦᠨ ᠮᠠᠯ᠎ᠤᠨ ᠣᠮᠳᠠᠭ᠎ᠠ ᠪᠣᠯᠤᠭᠰᠠᠨ ᠲᠣᠭᠤᠷᠢᠮ ᠪᠦᠷᠢᠳᠦ ᠤᠰᠤ ᠨᠤᠭᠤᠳ
ᠡᠨᠡ ᠪᠣᠯ ᠮᠢᠨᠤ ᠲᠥᠷᠦᠭᠰᠡᠨ ᠨᠤᠲᠤᠭ᠂ ᠮᠣᠩᠭᠣᠯ᠎ᠤᠨ ᠰᠠᠢᠬᠠᠨ ᠣᠷᠤᠨ

ᠣᠷᠬᠤᠨ᠂ ᠰᠡᠯᠡᠩᠭᠡ᠂ ᠭᠦᠬᠦᠢ᠎ᠶᠢᠨ ᠣᠨᠴᠠ ᠰᠠᠢᠬᠠᠨ ᠭᠣᠣᠯ᠎ᠤᠳ
ᠠᠭᠤᠷᠬᠠᠢ᠎ᠶᠢᠨ ᠪᠠᠶᠠᠯᠢᠭ᠋᠎ᠤᠨ ᠣᠬᠢ ᠣᠯᠠᠨ ᠠᠭᠤᠯᠠ ᠳᠠᠪᠠᠭᠠᠨ᠎ᠨᠤᠭᠤᠳ
ᠬᠠᠭᠤᠴᠢᠨ ᠬᠦᠰᠢᠶ᠎ᠡ ᠲᠤᠷᠠᠰᠬᠠᠯ ᠬᠣᠲᠠ ᠪᠠᠯᠭᠠᠳ᠎ᠤᠨ ᠰᠠᠭᠤᠷᠢᠨ᠎ᠨᠤᠭᠤᠳ
ᠬᠣᠯᠠ ᠭᠠᠵᠠᠷ᠎ᠠ ᠣᠳᠤᠭᠰᠠᠨ ᠬᠠᠷᠭᠤᠢ ᠳᠠᠷᠳᠠᠩ ᠵᠠᠮ᠎ᠤᠳ
ᠡᠨᠡ ᠪᠣᠯ ᠮᠢᠨᠦ ᠲᠥᠷᠦᠭᠰᠡᠨ ᠨᠤᠲᠤᠭ᠂ ᠮᠣᠩᠭᠣᠯ᠎ᠤᠨ ᠰᠠᠢᠬᠠᠨ ᠣᠷᠤᠨ

ᠬᠣᠯᠠᠬᠢ ᠭᠠᠵᠠᠷ᠎ᠠᠴᠠ ᠭᠢᠯᠠᠯᠵᠠᠭᠰᠠᠨ ᠴᠠᠰᠤᠲᠤ ᠥᠨᠳᠦᠷ ᠬᠠᠢᠷᠬᠠᠨ᠎ᠨᠤᠭᠤᠳ
ᠬᠥᠬᠡ ᠲᠡᠭᠷᠢ ᠴᠡᠯᠮᠡᠢᠭᠰᠡᠨ ᠬᠥᠳᠡᠭᠡ ᠬᠡᠭᠡᠷ᠎ᠡ ᠴᠠᠢᠳᠠᠮ᠎ᠤᠳ
ᠬᠣᠯᠠ᠎ᠶᠢᠨ ᠪᠠᠷ᠎ᠠ ᠬᠠᠷᠠᠭᠳᠠᠭᠰᠠᠨ ᠨᠣᠶᠠᠨ ᠱᠤᠪᠬᠤ ᠰᠠᠢᠷᠳᠠᠭ᠎ᠤᠳ
ᠬᠦᠮᠦᠨ᠎ᠦ ᠰᠡᠳᠬᠢᠯ ᠲᠡᠨᠡᠢᠭᠰᠡᠨ ᠠᠭᠤᠳᠠᠮ ᠠᠮᠢᠰᠬᠤᠯᠲᠤ ᠲᠠᠯ᠎ᠠ᠎ᠨᠤᠭᠤᠳ
ᠡᠨᠡ ᠪᠣᠯ ᠮᠢᠨᠦ ᠲᠥᠷᠦᠭᠰᠡᠨ ᠨᠤᠲᠤᠭ᠂ ᠮᠣᠩᠭᠣᠯ᠎ᠤᠨ ᠰᠠᠢᠬᠠᠨ ᠤᠷᠤᠨ

ᠬᠠᠩᠭᠠᠢ ᠭᠣᠪᠢ᠎ᠶᠢᠨ ᠬᠣᠭᠤᠷᠤᠨᠳᠤ ᠬᠠᠯᠬ᠎ᠠ᠎ᠶᠢᠨ ᠠᠭᠤᠳᠠᠮ ᠨᠤᠲᠤᠭ
ᠬᠠᠷ᠎ᠠ ᠪᠠᠭ᠎ᠠ ᠨᠠᠰᠤᠨ᠎ᠠᠴᠠ᠎ᠪᠠᠨ ᠬᠥᠨᠳᠡᠯᠡᠨ ᠭᠤᠯᠳᠤ ᠲᠠᠪᠬᠢᠭ᠍ᠰᠠᠨ ᠭᠠᠵᠠᠷ
ᠭᠥᠷᠦᠭᠡᠰᠦ ᠠᠷᠢᠶᠠᠲᠠᠨ ᠠᠪᠠᠯᠠᠭᠰᠠᠨ ᠤᠷᠲᠤ ᠤᠷᠲᠤ ᠰᠢᠯᠢ᠎ᠨᠦᠭᠦᠳ
ᠬᠥᠯᠦᠭ ᠮᠣᠷᠢᠳ ᠤᠷᠤᠯᠳᠤᠭᠰᠠᠨ ᠬᠥᠨᠳᠡᠢ ᠰᠠᠢᠬᠠᠨ ᠬᠣᠭᠤᠯᠠᠢ᠎ᠨᠤᠭᠤᠳ
ᠡᠨᠡ ᠪᠤᠯ ᠮᠢᠨᠤ ᠲᠥᠷᠦᠭᠰᠡᠨ ᠨᠤᠲᠤᠭ᠂ ᠮᠣᠩᠭᠣᠯ᠎ᠤᠨ ᠰᠠᠢᠬᠠᠨ ᠣᠷᠤᠨ

ᠰᠠᠯᠬᠢᠨ᠎ᠤ ᠦᠵᠦᠭᠦᠷ᠎ᠲᠦ ᠨᠠᠢᠭᠤᠭᠰᠠᠨ ᠰᠣᠷᠭᠤᠭ ᠨᠠᠷᠢᠨ ᠨᠣᠭᠤ ᠲᠠᠢ
ᠰᠠᠷᠠᠭᠤᠯ ᠲᠠᠯ᠎ᠠ᠎ᠳᠤ ᠢᠷᠠᠯᠵᠠᠭᠰᠠᠨ ᠰᠤᠨᠢᠨ ᠶᠠᠩᠵᠤ᠎ᠶᠢᠨ ᠵᠡᠷᠭᠡᠯᠭᠡ ᠲᠠᠢ
ᠰᠠᠢᠨ ᠡᠷᠡᠰ ᠴᠤᠭᠯᠠᠷᠠᠭᠰᠠᠨ ᠪᠠᠢᠴᠠ ᠪᠡᠷᠬᠡ ᠭᠠᠵᠠᠷ ᠲᠠᠢ
ᠰᠦᠯᠳᠡ ᠲᠠᠬᠢᠯᠭ᠎ᠠ ᠤᠯᠠᠷᠢᠭ᠍ᠰᠠᠨ ᠰᠥᠮᠪᠥᠷ ᠶᠡᠬᠡ ᠤᠪᠤᠭ᠎ᠠ ᠲᠠᠢ
ᠡᠨᠡ ᠪᠣᠯ ᠮᠢᠨᠤ ᠲᠥᠷᠦᠭᠰᠡᠨ ᠨᠤᠲᠤᠭ᠂ ᠮᠣᠩᠭᠣᠯ᠎ᠤᠨ ᠰᠠᠢᠬᠠᠨ ᠣᠷᠤᠨ

ᠨᠠᠷᠢᠨ ᠡᠪᠡᠰᠦ ᠤᠷᠭᠤᠭᠰᠠᠨ ᠮᠠᠯ᠎ᠤᠨ ᠰᠠᠢᠬᠠᠨ ᠪᠡᠯᠴᠢᠭᠡᠷ ᠲᠠᠢ
ᠢᠨᠠᠭ᠍ᠰᠢ ᠴᠢᠨᠠᠭ᠍ᠰᠢ ᠰᠦᠯᠵᠢᠬᠦ ᠲᠡᠨᠢᠭᠡᠷ ᠰᠠᠢᠬᠠᠨ ᠨᠢᠷᠤᠭᠤ ᠲᠠᠢ
ᠳᠥᠷᠪᠡᠨ ᠴᠠᠭ᠎ᠤᠨ ᠤᠯᠠᠷᠢᠯ ᠳ᠋ᠤᠷ ᠳᠤᠷ᠎ᠠ᠎ᠪᠠᠷ᠎ᠢᠶᠠᠨ ᠨᠡᠭᠦᠬᠦ ᠨᠤᠲᠤᠭ ᠲᠠᠢ
ᠲᠠᠪᠤᠨ ᠵᠦᠢᠯ᠎ᠦᠨ ᠲᠠᠷᠢᠶᠠᠨ᠎ᠤ ᠬᠥᠷᠦᠰᠦ ᠰᠢᠷᠤᠢᠲᠤ ᠭᠠᠵᠠᠷ ᠲᠠᠢ
ᠡᠨᠡ ᠪᠣᠯ ᠮᠢᠨᠤ ᠲᠥᠷᠦᠭᠰᠡᠨ ᠨᠤᠲᠤᠭ᠂ ᠮᠣᠩᠭᠣᠯ᠎ᠤᠨ ᠰᠠᠢᠬᠠᠨ ᠣᠷᠤᠨ

ᠥᠯᠦᠭᠡᠢ ᠰᠠᠢᠬᠠᠨ ᠠᠭᠤᠯᠠᠨ ᠳ᠋ᠤᠷ ᠡᠪᠦᠭᠡᠳ᠎ᠢ ᠲᠠᠯᠪᠢᠭ᠍ᠰᠠᠨ ᠭᠠᠵᠠᠷ
ᠦᠷ᠎ᠡ ᠠᠴᠢ ᠬᠡᠦᠬᠡᠳ᠎ᠦᠨ ᠦᠷᠡᠵᠢᠵᠦ ᠦᠰᠦᠭᠰᠡᠨ ᠣᠷᠤᠨ
ᠲᠠᠪᠤᠨ ᠬᠤᠰᠢᠭᠤ ᠮᠠᠯ᠎ᠤᠳ ᠲᠦᠭᠦᠷᠡᠩ ᠪᠡᠯᠴᠢᠭᠰᠡᠨ ᠨᠤᠲᠤᠭ
ᠮᠣᠩᠭᠣᠯ ᠬᠦᠮᠦᠨ ᠪᠢᠳᠡᠨ᠎ᠦ ᠰᠡᠳᠬᠢᠯ᠎ᠢ ᠰᠤᠷᠤᠭᠰᠠᠨ ᠣᠷᠤᠨ
ᠡᠨᠡ ᠪᠣᠯ ᠮᠢᠨᠤ ᠲᠥᠷᠦᠭᠰᠡᠨ ᠨᠤᠲᠤᠭ᠂ ᠮᠣᠩᠭᠣᠯ᠎ᠤᠨ ᠰᠠᠢᠬᠠᠨ ᠣᠷᠤᠨ

ᠡᠪᠦᠯ᠎ᠦᠨ ᠲᠡᠰᠬᠢᠮ᠎ᠡ ᠴᠠᠭ ᠲᠤᠷ ᠮᠥᠰᠦᠨ ᠪᠦᠷᠬᠦᠭᠡᠳ
ᠪᠣᠯᠤᠷ ᠰᠢᠯ᠎ᠦᠨ ᠥᠩᠭᠡᠨ ᠭᠢᠯᠲᠦᠭᠡᠨᠡᠵᠦ ᠭᠢᠯᠠᠯᠵᠠᠭᠰᠠᠨ ᠤᠷᠤᠨ
ᠵᠤᠨ᠎ᠤ ᠨᠠᠢᠷᠲᠠᠢ ᠤᠯᠠᠷᠢᠯ ᠳ᠋ᠤᠷ ᠴᠡᠴᠡᠭ ᠨᠠᠪᠴᠢᠨ ᠳᠡᠯᠭᠡᠷᠡᠭᠡᠳ
ᠵᠢᠭᠦᠷᠲᠡᠨ ᠰᠢᠪᠠᠭᠤᠳ ᠬᠣᠯᠠ᠎ᠠᠴᠠ ᠢᠷᠡᠵᠤ ᠭᠠᠩᠭᠠᠷ ᠭᠣᠩᠭᠣᠷ ᠳᠣᠩᠭᠤᠳᠤᠭᠰᠠᠨ ᠤᠷᠤᠨ
ᠡᠨᠡ ᠪᠣᠯ ᠮᠢᠨᠤ ᠲᠥᠷᠦᠭᠰᠡᠨ ᠨᠤᠲᠤᠭ᠂ ᠮᠣᠩᠭᠣᠯ᠎ᠤᠨ ᠰᠠᠢᠬᠠᠨ ᠣᠷᠤᠨ

ᠠᠯᠲᠠᠢ᠂ ᠬᠢᠩᠭᠠᠨ ᠬᠣᠶᠠᠷ᠎ᠤᠨ ᠵᠠᠪᠰᠠᠷ ᠲᠤᠷ ᠠᠲᠠᠷ ᠪᠠᠶᠠᠯᠢᠭ᠋ ᠣᠷᠤᠨ
ᠠᠪᠤ ᠢᠵᠢᠢ᠎ᠶᠢᠨ ᠮᠢᠨᠢ ᠣᠷᠤᠰᠢᠭ᠍ᠰᠠᠨ ᠠᠰᠢᠲᠠ᠎ᠶᠢᠨ ᠵᠠᠶᠠᠭᠠᠭᠰᠠᠨ ᠨᠤᠲᠤᠭ
ᠠᠯᠲᠠᠨ ᠨᠠᠷᠠᠨ᠎ᠤ ᠲᠤᠶᠠᠭᠠᠨ ᠳ᠋ᠤᠷ ᠡᠩᠬᠡᠵᠢᠨ ᠲᠣᠭᠲᠠᠨᠢᠭ᠍ᠰᠠᠨ ᠣᠷᠤᠨ
ᠮᠥᠩᠭᠦᠨ ᠰᠠᠷᠠᠨ᠎ᠤ ᠭᠡᠷᠡᠯ ᠳ᠋ᠤᠷ ᠮᠥᠩᠬᠡᠵᠢᠨ ᠭᠢᠯᠠᠯᠵᠠᠭᠰᠠᠨ ᠭᠠᠵᠠᠷ
ᠡᠨᠡ ᠪᠣᠯ ᠮᠢᠨᠦ ᠲᠥᠷᠦᠭᠰᠡᠨ ᠨᠤᠲᠤᠭ᠂ ᠮᠣᠩᠭᠣᠯ᠎ᠤᠨ ᠰᠠᠢᠬᠠᠨ ᠣᠷᠤᠨ

ᠾᠦᠩᠨᠦ ᠰᠢᠶᠦ᠋ᠩᠨᠦ᠎ᠶᠢᠨ ᠦᠶ᠎ᠡ᠎ᠡᠴᠡ ᠬᠥᠭᠰᠢᠳ ᠡᠪᠦᠭᠡᠳ᠎ᠦᠨ ᠮᠢᠨᠢ ᠨᠤᠲᠤᠭ
ᠬᠥᠬᠡ ᠮᠣᠩᠭᠣᠯ᠎ᠤᠨ ᠴᠠᠭ ᠲᠤᠷ ᠬᠦᠴᠦᠷᠬᠡᠭ ᠣᠷᠤᠨ
ᠣᠨ ᠣᠨ ᠳ᠋ᠤᠷ ᠢᠳᠡᠭᠡᠰᠢᠵᠤ ᠣᠯᠠᠨ ᠵᠢᠯ ᠳ᠋ᠤᠷ ᠳᠠᠰᠤᠭᠰᠠᠨ ᠨᠤᠲᠤᠭ
ᠣᠳᠤ᠎ᠶᠢᠨ ᠰᠢᠨ᠎ᠡ ᠮᠣᠩᠭᠣᠯ᠎ᠤᠨ ᠤᠯᠠᠭᠠᠨ ᠲᠣᠭ ᠪᠦᠷᠬᠦᠭᠰᠡᠨ ᠣᠷᠤᠨ
ᠡᠨᠡ ᠪᠤᠯ ᠮᠢᠨᠤ ᠲᠥᠷᠦᠭᠰᠡᠨ ᠨᠤᠲᠤᠭ᠂ ᠮᠣᠩᠭᠣᠯ᠎ᠤᠨ ᠰᠠᠢᠬᠠᠨ ᠣᠷᠤᠨ

ᠥᠰᠦᠭᠰᠡᠨ ᠲᠥᠷᠦᠭᠰᠡᠨ ᠪᠢᠳᠡᠨ᠎ᠦ ᠦᠨᠳᠦᠰᠦᠨ ᠬᠠᠢᠷᠠᠲᠠᠢ ᠨᠤᠲᠤᠭ
ᠥᠩᠭᠡᠯᠵᠡᠭᠴᠢ ᠳᠠᠢᠰᠤᠨ ᠢᠷᠡᠪᠡᠰᠦ ᠢᠰᠭᠦᠯᠦᠨ ᠬᠥᠭᠡᠭᠡᠮᠦᠢ
ᠬᠣᠪᠢᠲᠠᠢ ᠡᠨᠡ ᠣᠷᠤᠨ᠎ᠳᠠᠭᠠᠨ ᠬᠣᠪᠢᠰᠬᠠᠯᠲᠤ ᠤᠯᠤᠰ᠎ᠢᠶᠠᠨ ᠮᠠᠨᠳᠤᠭᠤᠯᠵᠤ
ᠬᠣᠢᠴᠢ᠎ᠶᠢᠨ ᠰᠢᠨ᠎ᠡ ᠶᠢᠷᠳᠢᠨᠴᠤ ᠳᠡᠭᠡᠷ᠎ᠡ ᠬᠥᠨᠳᠦᠲᠠᠢ ᠭᠠᠪᠢᠶ᠎ᠠ᠎ᠶᠢ ᠪᠠᠢᠭᠤᠯᠤᠶ᠎ᠠ᠃
ᠡᠨᠡ ᠪᠣᠯ ᠮᠢᠨᠤ ᠲᠥᠷᠦᠭᠰᠡᠨ ᠨᠤᠲᠤᠭ᠂ ᠮᠣᠩᠭᠣᠯ᠎ᠤᠨ ᠰᠠᠢᠬᠠᠨ ᠣᠷᠤᠨ

返回顶部