返回

ᠵᠠᠯᠠᠭᠤ ᠨᠠᠰᠤ
– ᠷ᠂ ᠴᠤᠢᠨᠠᠮ

ᠬᠦᠷᠦᠰᠦᠲᠦ᠎ᠶᠢᠨ ᠠᠮᠢᠳᠤᠷᠠᠯ᠎ᠳᠤ ᠬᠦᠯ ᠠᠯᠳᠠᠭᠰᠠᠨ
ᠬᠥᠯᠴᠦᠭᠦᠬᠡᠨ ᠵᠢᠷᠦᠬᠡᠨ᠎ᠦ ᠮᠢᠨᠢ ᠲᠣᠯᠢᠲᠤᠨ ᠳᠡᠭᠡᠭᠦᠷ
ᠰᠢᠪᠡᠭᠤᠨ᠎ᠤ ᠰᠡᠭᠦᠳᠡᠷ ᠰᠢᠭ᠌ ᠳᠠᠭᠠᠷᠢᠭᠠᠳ ᠦᠩᠬᠡᠷᠡᠭᠰᠡᠨ
ᠰᠢᠩᠬᠤᠨ ᠤᠯᠠᠭᠠᠨ ᠵᠠᠯᠠᠭᠤ ᠨᠠᠰᠤ ᠮᠢᠨᠤ!

ᠠᠮᠲᠠᠲᠠᠨ ᠪᠥᠬᠦᠨ᠎ᠦ ᠠᠮᠲᠠ᠎ᠶᠢ ᠮᠡᠳᠡᠯ ᠦᠭᠡᠢ
ᠠᠰᠬᠠᠵᠤ ᠶᠠᠪᠣᠭᠰᠠᠨ ᠵᠠᠯᠠᠭᠤ ᠨᠠᠰᠤ ᠮᠢᠨᠢ᠂
ᠥᠩᠭᠡᠲᠡᠨ ᠪᠥᠬᠦᠨ᠎ᠦ ᠥᠩᠭᠡ᠎ᠶᠢ ᠪᠣᠳᠤᠯ ᠦᠭᠡᠢ
ᠥᠷᠡᠵᠤ ᠶᠠᠪᠤᠭᠰᠠᠨ ᠵᠠᠯᠠᠭᠤ ᠨᠠᠰᠤ ᠮᠢᠨᠢ᠃

ᠵᠤᠨ᠎ᠤ ᠰᠦᠨᠢ᠎ᠶᠢᠨ ᠨᠤᠢᠷ᠎ᠢ ᠲᠣᠭᠤᠯ ᠦᠭᠡᠢ
ᠵᠠᠭᠤᠨ ᠭᠣᠷᠪᠠᠨ ᠤᠴᠠᠷᠠᠯ᠎ᠢ ᠮᠥᠷᠦᠭᠡᠰᠴᠦ
ᠵᠢᠷᠤᠭ ᠰᠢᠭ᠋ ᠦᠬᠢᠳ᠎ᠢ᠂ ᠲᠡᠷᠭᠡ ᠰᠢᠭ᠌ ᠳᠠᠭᠠᠷᠢᠵᠤ
ᠵᠠᠭᠤᠷᠠᠳᠤᠬᠠᠨ ᠮᠠᠨᠳᠤᠭᠰᠠᠨ ᠵᠠᠯᠠᠭᠤ ᠨᠠᠰᠤ ᠮᠢᠨᠢ᠃

ᠡᠪᠦᠯ᠎ᠦᠨ ᠶᠢᠰᠦ᠎ᠶᠢᠨ ᠵᠢᠪᠠᠷ᠎ᠢ ᠲᠣᠭᠤᠯ ᠦᠭᠡᠢ
ᠦᠭᠡᠷ᠎ᠡ ᠬᠦᠮᠦᠨ᠎ᠦ ᠡᠬᠡᠨᠠᠷ᠎ᠲᠤ ᠰᠡᠳᠬᠢᠯ ᠬᠠᠶᠠᠵᠤ
ᠡᠷᠦᠭᠡᠨ᠎ᠦ ᠦᠵᠦᠭᠦᠷ ᠰᠢᠭ᠌ ᠳᠡᠷᠪᠡᠵᠤ ᠶᠠᠪᠤᠭᠰᠠᠨ
ᠥᠯᠴᠢᠷᠬᠡᠨ ᠲᠡᠨᠡᠭ ᠵᠠᠯᠠᠭᠤ ᠨᠠᠰᠤ ᠮᠢᠨᠢ᠃

ᠳᠠᠩᠴᠢ ᠴᠢ ᠮᠢᠨᠢ ᠤᠳᠠᠭᠰᠠᠨ ᠦᠭᠡᠢ᠁
ᠳᠠᠪᠦᠦ ᠬᠥᠷᠮ᠎ᠡ᠂ ᠰᠡᠪᠢᠬᠢᠨ ᠪᠡᠭᠡᠯᠡᠢ ᠬᠣᠶᠠᠷ ᠰᠢᠭ᠋᠎ᠢᠶᠡᠨ᠂
ᠲᠠᠰᠤᠭᠰᠠᠨ ᠰᠠᠯᠤᠭᠰᠠᠨ ᠭᠣᠳᠤᠩ ᠭᠡᠵᠢᠭᠡᠲᠦ ᠨᠤᠭᠦᠳ ᠰᠢᠭ᠌᠎ᠢᠶᠡᠨ
ᠲᠠᠷᠳᠠᠩ ᠵᠠᠮ ᠳᠡᠭᠡᠷ᠎ᠡ ᠦᠯᠡᠳᠡᠵᠠᠢ – ᠵᠠᠯᠠᠭᠤ ᠨᠠᠰᠤ ᠮᠢᠨᠢ!

ᠤᠯᠠᠭᠠᠨᠪᠠᠭᠠᠲᠤᠷ᠎ᠤᠨ ᠴᠢᠯᠠᠭᠤᠨ ᠵᠠᠰᠠᠮᠠᠯ᠎ᠢᠶᠠᠷ
ᠤᠷᠤᠭ᠍ᠰᠢ᠎ᠪᠠᠨ᠂ ᠬᠣᠢᠰᠢ᠎ᠪᠠᠨ᠂ ᠪᠠᠷᠠᠭᠤᠨ ᠲᠡᠢᠰᠢ᠎ᠪᠡᠨ᠂ ᠵᠡᠭᠦᠨ ᠲᠡᠢᠰᠢ᠎ᠪᠡᠨ
ᠲᠣᠲᠤᠭᠠᠳᠤ ᠦᠢᠯᠡᠳᠪᠦᠷᠢ᠎ᠶᠢᠨ ᠬᠥᠨᠳᠦ ᠱᠠᠬᠠᠢ᠎ᠶᠢ
ᠳᠣᠯᠤᠭᠠᠬᠠᠨ ᠬᠣᠨᠤᠭ᠎ᠲᠤ ᠲᠣᠴᠢᠭᠤᠯᠳᠠᠵᠤ ᠶᠠᠪᠤᠬᠤ᠎ᠳᠠᠭᠠᠨ

ᠬᠦᠮᠦᠨ᠎ᠦ ᠰᠠᠢᠨ ᠮᠠᠭᠤ᠎ᠶᠢ ᠵᠡᠭᠦᠳᠦᠯᠡᠭᠡ ᠴᠤ᠌ ᠦᠭᠡᠢ
ᠬᠡᠦᠬᠡᠳ ᠰᠢᠭ᠌ ᠦᠰᠦᠷᠭᠡᠭᠰᠡᠨ ᠵᠠᠯᠠᠭᠤ ᠨᠠᠰᠤ ᠮᠢᠨᠢ᠂
ᠬᠡᠦᠬᠡᠨ᠎ᠦ ᠰᠠᠢᠬᠠᠨ᠎ᠢ ᠲᠠᠨᠢᠭ᠎ᠠ ᠦᠭᠡᠢ
ᠬᠡᠬᠦᠷᠵᠡᠭᠡᠨ᠎ᠡ ᠰᠢᠭ᠌ ᠨᠢᠰᠦᠭᠰᠡᠨ ᠵᠠᠯᠠᠭᠤ ᠨᠠᠰᠤ ᠮᠢᠨᠢ᠃

ᠠᠩᠭᠠᠷᠠᠢᠳᠠᠭᠰᠠᠨ ᠨᠦᠬᠦᠳ ᠲᠠᠢ᠂ ᠦᠳᠡᠰᠢ᠎ᠶᠢᠨ ᠴᠠᠭ᠎ᠢᠶᠠᠷ
ᠠᠳᠤᠭᠤ ᠰᠢᠭ᠋ ᠫᠢᠵᠢᠬᠢᠨᠡᠭᠰᠡᠨ ᠵᠠᠯᠠᠭᠤ ᠨᠠᠰᠤ ᠮᠢᠨᠢ
ᠠᠢᠯ᠎ᠤᠨ ᠴᠢᠳ᠋ᠸᠩ ᠬᠠᠭ᠎ᠠ ᠴᠢᠯᠠᠭᠤᠳᠠᠭᠰᠠᠨ
ᠠᠪᠤᠷᠢᠯᠠᠵᠤ ᠶᠠᠪᠤᠭᠰᠠᠨ ᠵᠠᠯᠠᠭᠤ ᠨᠠᠰᠤ ᠮᠢᠨᠢ᠃

ᠠᠪᠤ᠎ᠶᠢᠨ ᠬᠦᠦ᠎ᠶᠢᠨ᠂ ᠱ᠌ᠢᠷᠦ ᠰᠢᠭ᠌ ᠬᠠᠴᠠᠷ᠎ᠢ
ᠠᠯᠠᠭᠠᠳᠠᠵᠤ ᠶᠠᠪᠤᠭᠰᠠᠨ ᠵᠠᠯᠠᠭᠤ ᠨᠠᠰᠤ ᠮᠢᠨᠢ᠂
ᠠᠳᠠᠯᠢᠬᠠᠨ ᠨᠥᠬᠦᠳ᠎ᠦᠨ᠎ᠢᠶᠡᠨ ᠬᠠᠮᠠᠷ᠎ᠤᠨ ᠴᠢᠰᠤ᠎ᠶᠢ
ᠠᠰᠬᠠᠷᠠᠭᠤᠯᠵᠤ ᠶᠠᠪᠤᠭᠰᠠᠨ ᠵᠠᠯᠠᠭᠤ ᠨᠠᠰᠤ ᠮᠢᠨᠢ᠃

ᠦᠵᠡᠭᠰᠡᠨ᠎ᠢᠶᠡᠨ ᠮᠠᠷᠲᠠᠵᠤ᠂ ᠲᠣᠭᠣᠯᠤᠭᠰᠠᠨ᠎ᠢᠶᠠᠨ ᠲᠣᠭᠲᠠᠭᠠᠬᠤ ᠦᠭᠡᠢ
ᠡᠬᠦᠷᠢᠳᠡ᠎ᠶᠢᠨ ᠶᠤᠮ ᠰᠢᠭ᠋ ᠲᠣᠷᠭᠢᠵᠤ ᠶᠠᠪᠤᠬᠤ᠎ᠳᠠᠭᠠᠨ
ᠦᠢᠮᠡᠭᠡᠨᠲᠦ ᠬᠣᠷᠸ᠎ᠠ᠎ᠠᠴᠠ ᠲᠠᠬᠢᠭᠠᠳ ᠣᠯᠳᠠᠰᠢ ᠦᠭᠡᠢ
ᠦᠨᠡᠨᠴᠢ ᠬᠠᠨᠢ᠎ᠶᠢᠨ᠎ᠢᠶᠡᠨ ᠳᠡᠷᠭᠡᠲᠡᠭᠦᠷ ᠥᠩᠭᠡᠷᠡᠵᠦ

ᠬᠣᠨᠤᠭ ᠲᠡᠳᠦᠢ ᠵᠠᠭᠤᠷᠠᠳᠤᠬᠠᠨ ᠬᠠᠨᠢᠯᠠᠬᠤ
ᠬᠣᠲᠠ᠎ᠶᠢᠨ ᠬᠡᠦᠬᠡᠨ᠎ᠦ ᠦᠩᠭᠡᠨ᠎ᠳᠦ ᠬᠠᠭᠤᠷᠲᠠᠵᠤ
ᠠᠷᠢᠭᠤᠬᠠᠨ ᠴᠢᠰᠤ᠎ᠪᠠᠨ ᠲᠡᠭᠦᠨ᠎ᠦ ᠲᠥᠯᠦᠭᠡ
ᠠᠰᠬᠠᠵᠤ ᠶᠠᠪᠤᠭᠰᠠᠨ ᠵᠠᠯᠠᠭᠤ ᠨᠠᠰᠤ ᠮᠢᠨᠢ᠃

ᠣᠶᠤᠲᠠᠨ ᠠᠬᠤᠢ᠎ᠶᠢᠨ ᠲᠡᠪᠡᠷᠡᠭᠦᠨ ᠰᠢᠯᠦᠭ᠎ᠦᠨ
ᠣᠩᠭᠤᠳ ᠴᠠᠳᠢᠭ᠋᠎ᠢᠶᠠᠷ ᠪᠢᠯᠬᠠᠵᠤ ᠶᠠᠪᠤᠬᠤ᠎ᠳᠠᠭᠠᠨ
ᠣᠷᠴᠢᠯᠠᠩ ᠬᠣᠷᠸ᠎ᠠ᠎ᠶᠢᠨ ᠨᠠᠷᠢᠨ ᠤᠴᠢᠷ᠎ᠢ
ᠣᠯᠴᠢᠬᠠᠯ᠎ᠠ ᠬᠡᠮᠡᠨ ᠲᠦᠭᠡᠷᠢᠵᠤ ᠶᠠᠪᠤᠭᠰᠠᠨ

ᠠᠷᠢᠭᠤᠨ᠎ᠠᠴᠠ ᠠᠷᠢᠭᠤᠨ ᠵᠠᠯᠠᠭᠤ ᠨᠠᠰᠤ ᠮᠢᠨᠢ
ᠠᠷᠪᠠᠭᠠᠳ ᠵᠢᠯ᠎ᠦᠨ ᠬᠠᠨᠢᠯᠠᠭ᠎ᠠ ᠲᠠᠢ ᠪᠠᠢᠵᠠᠢ᠃
ᠬᠠᠯᠠᠭᠤᠨ᠎ᠠᠴᠠ ᠬᠠᠯᠠᠭᠤᠨ ᠵᠠᠯᠠᠭᠤᠬᠠᠨ ᠴᠠᠭ ᠮᠢᠨᠢ
ᠬᠠᠪᠤᠷ᠎ᠤᠨ ᠦᠶᠡᠷ ᠰᠢᠭ᠌ ᠬᠤᠭᠤᠴᠠᠭ᠎ᠠ ᠲᠠᠢ ᠶᠤᠮᠰᠠᠨᠵᠠᠢ᠃

ᠠᠶ᠎ᠠ ᠬᠥᠭᠡᠷᠦᠬᠦᠢ᠂ ᠬᠦᠮᠦᠨ᠎ᠦ ᠵᠠᠯᠠᠭᠤ ᠨᠠᠰᠤ ᠭᠡᠵᠤ
ᠠᠪᠴᠤ ᠴᠤ᠌ ᠪᠣᠯᠳᠠᠭ ᠦᠭᠡᠢ᠂ ᠦᠭᠴᠦ ᠴᠤ᠌ ᠪᠣᠯᠳᠠᠭ ᠦᠭᠡᠢ
ᠬᠡᠯᠡ ᠦᠭᠡᠢ ᠪᠠᠢᠭᠠᠯᠢ᠎ᠶᠢᠨ ᠳᠠᠭᠤ ᠦᠭᠡᠢ ᠵᠠᠷᠯᠢᠭ᠋᠎ᠢᠶᠠᠷ
ᠬᠡᠰᠡᠭᠬᠡᠨ ᠣᠯᠳᠠᠳᠠᠭ ᠱᠠᠩᠨᠠᠯ ᠶᠤᠮ ᠦᠦ ᠳᠠ᠃

ᠪᠤᠰᠤᠳ᠎ᠤᠨ ᠯᠠᠩᠭᠦᠢᠨ᠎ᠳᠤ ᠡᠨᠡᠬᠦ ᠱᠠᠩᠨᠠᠯ᠎ᠢᠶᠠᠨ
ᠪᠣᠲᠠᠷᠬᠠᠢ ᠮᠥᠩᠬᠦ ᠰᠢᠭ᠌ ᠲᠠᠷᠬᠠᠭᠠᠵᠤ ᠬᠠᠶᠠᠭᠰᠠᠭᠠᠷ
ᠬᠦᠢᠲᠡᠨ ᠬᠣᠷᠸ᠎ᠠ᠎ᠳᠤ ᠨᠢᠭᠡ ᠮᠡᠳᠡᠬᠦᠨ᠎ᠡ
ᠬᠦᠮᠦᠨ᠎ᠦ ᠦᠷ᠎ᠡ ᠨᠢᠴᠦᠭᠦᠷᠡᠳᠡᠭ ᠪᠠᠢᠨ᠎ᠠ᠃

ᠰᠠᠢᠨ ᠬᠠᠨᠢ᠎ᠠᠴᠠ ᠬᠠᠭᠠᠴᠠᠭᠰᠠᠨ ᠬᠤᠢᠨ᠎ᠠ
ᠰᠠᠨᠠᠨ ᠰᠠᠨᠠᠨ ᠭᠣᠨᠢᠬᠠᠷᠠᠳᠠᠭ ᠰᠢᠭ᠋
ᠪᠣᠯᠤᠭᠠᠳ ᠥᠩᠭᠡᠷᠡᠭᠰᠡᠨ ᠬᠤᠢᠨ᠎ᠠ᠂ ᠵᠠᠯᠠᠭᠤ ᠨᠠᠰᠤ᠎ᠪᠠᠨ
ᠪᠣᠳᠤᠨ ᠪᠣᠳᠣᠨ ᠬᠠᠷᠠᠭᠤᠰᠳᠠᠭ ᠪᠠᠢᠨ᠎ᠠ᠃

ᠪᠠᠶᠠᠷᠲᠠᠢ᠂ ᠵᠠᠯᠠᠭᠤ ᠽᠠᠨᠳᠠᠨ ᠨᠠᠰᠤ ᠮᠢᠨᠢ᠂
ᠪᠠᠷᠢᠯᠳᠤᠭᠰᠠᠨ ᠭᠡᠵᠤ ᠪᠣᠳᠤᠪᠠᠯ ᠪᠢ ᠣᠢᠴᠢᠵᠠᠢ᠃
ᠤᠷᠤᠯᠳᠤᠭᠰᠠᠨ ᠭᠡᠵᠤ ᠦᠵᠡᠪᠡᠯ ᠪᠢ ᠬᠣᠴᠤᠷᠴᠠᠢ᠂
ᠠᠷᠠᠯᠵᠢᠶ᠎ᠠ ᠮᠠᠢᠮᠠᠭ᠎ᠠ ᠬᠢᠭᠰᠡᠨ ᠶᠤᠮᠰᠠᠨᠵᠠᠢ ᠭᠡᠪᠡᠯ ᠬᠠᠷᠢᠨ
ᠠᠮᠳᠠᠷᠬᠠᠨ ᠪᠡᠶ᠎ᠡ᠎ᠶᠢᠨ᠎ᠢᠶᠡᠨ ᠡᠷᠡᠭᠦᠯ ᠮᠡᠨᠳᠦ᠎ᠶᠢ ᠥᠭᠴᠦ
ᠠᠯᠳᠠᠷ᠂ ᠰᠢᠯᠦᠭ ᠬᠣᠶᠠᠷ᠎ᠢ ᠴᠢᠨᠢ ᠠᠪᠴᠠᠢ᠃

ᠬᠦᠷᠦᠰᠦᠲᠦ᠎ᠶᠢᠨ ᠠᠮᠢᠳᠤᠷᠠᠯ᠎ᠳᠤ ᠬᠥᠯ ᠠᠯᠳᠠᠭᠰᠠᠨ
ᠬᠥᠯᠴᠦᠭᠦᠬᠡᠨ ᠵᠢᠷᠦᠬᠡᠨ᠎ᠦ ᠮᠢᠨᠢ ᠳᠣᠯᠲᠤᠨ ᠳᠡᠭᠡᠭᠦᠷ
ᠰᠢᠪᠠᠭᠤᠨ᠎ᠤ ᠰᠡᠭᠦᠳᠡᠷ ᠰᠢᠭ᠌ ᠳᠠᠭᠠᠷᠢᠭᠠᠳ ᠥᠩᠭᠡᠷᠡᠭᠰᠡᠨ
ᠰᠢᠩᠬᠤᠨ ᠤᠯᠠᠭᠠᠨ ᠵᠠᠯᠠᠭᠤ ᠨᠠᠰᠤ ᠮᠢᠨᠢ! ᠪᠠᠶᠠᠷᠲᠠᠢ!

返回顶部