ᠠᠭᠸᠠᠩᠳᠠᠨᠳᠠᠷ ᠲᠡᠭᠷᠢ ᠳᠡᠳᠭᠦᠭᠴᠢ᠎ᠶᠢᠨ ᠬᠣᠷᠢᠨ ᠭᠤᠷᠪᠠᠨ ᠣᠨ ( ᠨᠡᠢᠲᠡ᠎ᠶᠢᠨ ᠣᠨ ᠲᠣᠭᠠᠯᠠᠯ᠎ᠤᠨ 1758 ᠣᠨ )᠎ᠳᠦ ᠠᠯᠠᠱᠠᠨ ᠬᠣᠱᠣᠳ ᠬᠤᠰᠢᠭᠤᠨ᠎ᠤ ᠪᠠᠶᠠᠨᠨᠢᠷᠤᠭᠤᠨ ᠪᠠᠭ᠎ᠲᠤ ᠮᠠᠯᠴᠢᠨ ᠭᠠᠷᠣᠯ ᠲᠠᠢ᠂ ᠬᠤᠰᠢᠭᠤᠨ᠎ᠳᠠᠭᠠᠨ ᠦᠶ᠎ᠡ ᠤᠯᠠᠷᠢᠨ ᠲᠠᠷᠬᠠᠯᠠᠭᠳᠠᠭᠰᠠᠨ ᠲᠠᠢᠨ᠎ᠤ ᠭᠠᠪᠢᠶᠠᠲᠠᠨ ᠨᠡᠷ᠎ᠡ ᠲᠠᠢ ᠪᠠᠢᠭ᠍ᠰᠠᠨ ᠶᠡᠬᠡ ᠬᠣᠢᠳ ᠣᠪᠤᠭ᠎ᠤᠨ ᠢᠨᠠᠢᠶᠢᠨ ᠬᠣᠶᠠᠳᠤᠭᠠᠷ ᠬᠦᠪᠡᠭᠦᠨ ᠪᠣᠯᠤᠨ ᠵᠠᠶᠠᠭᠠᠵᠠᠢ᠃
ᠠᠭᠸᠠᠩᠳᠠᠨᠳᠠᠷ ᠪᠣᠯ ᠳᠡᠯᠡᠬᠡᠢ᠎ᠳᠦ ᠠᠯᠳᠠᠷᠰᠢᠭ᠍ᠰᠠᠨ ᠮᠣᠩᠭᠣᠯ ᠬᠡᠯᠡ ᠪᠢᠴᠢᠭ᠌᠎ᠦᠨ ᠤᠬᠠᠭᠠᠨ᠎ᠤ ᠰᠢᠯᠭᠠᠷᠠᠭᠰᠠᠨ ᠡᠷᠳᠡᠮᠲᠡᠨ ᠪᠣᠯᠬᠤ᠎ᠪᠠᠷ ᠪᠠᠷᠠᠬᠤ ᠦᠭᠡᠢ ᠲᠥᠪᠡᠳ᠂ ᠰᠠᠮᠺᠠᠷᠳᠠ ( ᠰᠠᠨᠰᠺᠷᠢᠲ) ᠬᠡᠯᠡᠨ᠎ᠦ ᠡᠷᠳᠡᠮᠲᠡᠨ ᠪᠣᠯᠬᠤ ᠶᠤᠮ᠃ ᠲᠡᠷᠡ ᠨᠠᠰᠤᠨ ᠲᠤᠷᠰᠢ ᠲᠥᠪᠡᠳ᠂ ᠮᠣᠩᠭᠣᠯ ᠬᠡᠯᠡ ᠪᠢᠴᠢᠭ᠌᠎ᠦᠨ ᠡᠷᠳᠡᠮ᠎ᠢ ᠰᠢᠰᠲᠧᠮ ᠲᠠᠢ᠎ᠪᠠᠷ ᠰᠤᠷᠤᠯᠴᠠᠨ ᠰᠣᠳᠤᠯᠤᠭᠰᠠᠨ᠎ᠠᠴᠠ ᠮᠣᠩᠭᠣᠯ ᠲᠥᠪᠡᠳ᠎ᠦᠨ ᠰᠣᠶᠣᠯ᠎ᠤᠨ ᠲᠡᠦᠬᠡᠨ᠎ᠳᠦ ᠦᠯᠡᠮᠵᠢ ᠣᠯᠠᠨ ᠵᠣᠬᠢᠶᠠᠯ ᠪᠥᠲᠦᠭᠡᠯ᠎ᠢᠶᠡᠨ ᠦᠯᠡᠳᠡᠭᠡᠵᠤ᠂ ᠲᠥᠷᠥ᠍ ᠭᠡᠷᠡᠯᠲᠦ᠎ᠶᠢᠨ ᠬᠣᠷᠢᠳᠤᠭᠠᠷ ᠣᠨ ( ᠨᠡᠢᠲᠡ᠎ᠶᠢᠨ ᠣᠨ ᠲᠣᠭᠠᠯᠠᠯ᠎ᠤᠨ 1840 ᠣᠨ)᠎ᠳᠦ ᠪᠠᠶᠠᠨᠭᠣᠣᠯ ( ᠵᠡᠭᠦᠨ ᠬᠡᠢᠳ)᠎ᠳᠦ 82 ᠲᠠᠢ ᠨᠠᠰᠤ ᠪᠠᠷᠠᠪᠠ᠃
ᠲᠡᠭᠦᠨ᠎ᠢ ᠬᠡᠦᠬᠡᠳ ᠪᠠᠢᠬᠤ ᠳ᠋ᠤᠨᠢ ᠡᠴᠢᠭᠡ ᠡᠬᠡ ᠨᠢ ᠪᠣᠷᠬᠠᠨ ᠱᠠᠰᠢᠨ᠎ᠤ ᠳᠠᠩᠰᠠᠨ᠎ᠳᠤ ᠪᠣᠷᠰᠠᠩ ᠬᠤᠸᠠᠷᠠᠭ ᠨᠡᠷ᠎ᠡ ᠲᠡᠮᠳᠡᠭᠯᠡᠭᠦᠯᠵᠦ᠂ ᠨᠢᠭᠡᠨ ᠠᠯᠲᠠᠨ ᠰᠣᠪᠤᠷᠭ᠎ᠠ ᠪᠣᠰᠬᠠᠨ᠎ᠠ ᠬᠡᠮᠡᠨ ᠪᠣᠶ᠎ᠠ᠎ᠨᠢ ᠠᠷᠪᠢᠳᠬᠠᠭ᠍ᠴᠢ ᠰᠦᠮ᠎ᠡ᠎ᠳᠦ ᠪᠠᠭ᠍ᠰᠢ ᠵᠠᠯᠠᠨ ᠱᠠᠪᠢ ᠪᠣᠯᠭᠠᠨ ᠰᠠᠭᠤᠯᠭᠠᠵᠠᠢ᠃